ᠨᠡᠷ᠎ᠡ:
ᠭᠠᠩᠭᠠᠮᠥ᠋ᠷᠡᠨ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠭᠠᠩᠭᠠᠮᠥ᠋ᠷᠡᠨ ( 1942~ ) ᠳᠡᠭᠡᠳᠦ ᠵᠡᠷᠭᠡ ᠵᠢᠨ ᠨᠠᠢᠷᠠᠭᠤᠯᠤᠭᠴᠢ᠂ ᠱᠣᠭᠴᠢᠨ᠃ ᠥᠪᠦᠷ ᠮᠣᠩᠭᠤᠯ ᠤ᠋ᠨ ᠬᠢᠩᠭᠠᠨ ᠠᠢᠮᠠᠭ ᠤᠨ ᠬᠣᠷᠴᠢᠨ ᠪᠠᠷᠠᠭᠤᠨ ᠭᠠᠷ ᠤᠨ ᠡᠮᠦᠨᠡᠲᠦ ᠬᠣᠰᠢᠭᠤᠨ ᠳᠤ ᠲᠥᠷᠦᠵᠡᠢ᠃ ᠡᠪ ᠬᠠᠮᠲᠤ ᠨᠠᠮ ᠤᠨ ᠭᠡᠰᠢᠭᠦᠨ᠃ 1961 ᠣᠨ ᠳᠤ ᠥᠪᠦᠷ ᠮᠣᠩᠭᠤᠯ ᠤ᠋ᠨ ᠮᠣᠩᠭᠤᠯ ᠬᠡᠯᠡ ᠪᠢᠴᠢᠭ ᠦᠨ ᠲᠤᠰᠭᠠᠢ ᠮᠡᠷᠭᠡᠵᠢᠯ ᠦᠨ ᠰᠤᠷᠭᠠᠭᠤᠯᠢ ᠶᠢ ᠲᠡᠭᠦᠰᠭᠡᠭᠡᠳ ᠥᠪᠦᠷ ᠮᠣᠩᠭᠤᠯ ᠤ᠋ᠨ ᠠᠷᠠᠳ ᠤᠨ ᠷᠠᠳᠢᠣ᠋ ᠨᠡᠪᠲᠡᠷᠡᠭᠦᠯᠭᠡ ᠵᠢᠨ ᠬᠣᠷᠢᠶ᠎ᠠ ᠵᠢᠨ ᠮᠣᠩᠭᠤᠯ ᠨᠠᠢᠷᠠᠭᠤᠯᠬᠤ ᠬᠡᠯᠲᠡᠰ ᠲᠦ ᠠᠵᠢᠯᠯᠠᠪᠠ᠃ 1986 ᠣᠨ ᠳᠤ ᠥᠪᠦᠷ ᠮᠣᠩᠭᠤᠯ ᠤ᠋ᠨ ᠲᠧᠯᠸᠢᠰ ᠬᠣᠷᠢᠶ᠎ᠠ ᠵᠢᠨ ᠣᠷᠴᠢᠭᠤᠯ ᠤᠨ ᠦᠢᠯᠡᠳᠬᠦ ᠲᠥᠪ ᠲᠦ᠍ ᠠᠵᠢᠯᠯᠠᠪᠠ᠃ ᠭᠤᠴᠢ ᠭᠠᠷᠤᠶ ᠵᠢᠯ ᠦᠨ ᠲᠦ᠍ᠷᠰᠢ ᠲᠡᠷᠡ ᠷᠠᠳᠢᠣ᠋᠂ ᠲᠧᠯᠸᠢᠰ ᠦᠨ ᠪᠠᠢᠭᠤᠯᠭ᠎ᠠ ᠳᠤ ᠤᠳᠭ᠎ᠠ ᠤᠷᠠᠯᠢᠭ ᠤᠨ ᠨᠠᠢᠷᠠᠭᠤᠯᠬᠤ᠂ ᠣᠷᠴᠢᠭᠤᠯᠵᠤ ᠦᠢᠯᠡᠳᠬᠦ ᠠᠵᠢᠯ ᠳᠤ ᠭᠣᠣᠯᠳᠠᠶ ᠣᠷᠤᠯᠴᠠᠵᠤ᠂ ᠣᠨᠴᠠᠭᠠᠢᠯᠠᠨ ᠱᠣᠭ ᠶᠠᠷᠢᠶ᠎ᠠ ᠵᠣᠬᠢᠶᠠᠬᠤ᠂ ᠵᠣᠬᠢᠶᠠᠨ ᠪᠠᠢᠭᠤᠯᠬᠤ᠂ ᠲᠣᠭᠯᠠᠬᠤ ᠲᠠᠯ᠎ᠠ ᠪᠠᠷ ᠲᠣᠪᠣᠢᠭᠰᠠᠨ ᠠᠮᠵᠢᠯᠲᠠ ᠭᠠᠷᠭᠠᠵᠤ ᠷᠠᠳᠢᠣ᠋ ᠲᠧᠯᠸᠢᠰ ᠦᠨ ᠰᠤᠷᠲᠠᠯᠴᠢᠯᠠᠭ᠎ᠠ ᠳᠤ ᠬᠦ ᠴᠤ᠌ᠨ ᠡᠷᠭᠦᠪᠡ᠃ ᠲᠡᠭᠦᠨ ᠦ ᠵᠣᠬᠢᠶᠠᠨ ᠲᠣᠭᠯᠠᠭᠰᠠᠨ 《ᠵᠦᠢᠷ ᠦᠭᠡ》᠂ 《ᠬᠡᠷᠡᠭ ᠦᠨ ᠡᠵᠡᠨ》᠂ 《ᠳᠡᠭᠡᠷᠡᠩᠭᠦᠶ ᠦᠵᠡᠯ》᠂ 《ᠬᠠᠵᠠᠭᠠᠶ ᠬᠡᠯᠡ》᠂ 《ᠠᠬ᠎ᠠ ᠵᠢᠨ ᠬᠡᠦᠬᠡᠳ》᠂ 《ᠬᠦᠦ ᠳᠡᠭᠡᠨ ᠲᠠᠯᠪᠢᠭᠰᠠᠨ ᠬᠦᠰᠡᠯ》᠂ 《ᠪᠠᠭ᠎ᠠ ᠵᠢᠨ ᠦᠶ᠎ᠡ》 ᠨᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ 《ᠰᠣᠯᠤᠩᠭ᠎ᠠ》᠂ 《ᠰᠠᠷᠠᠨ᠎ᠠ》 ᠱᠠᠩᠨᠠᠯ ᠢ ᠬᠦᠷᠲᠡᠪᠡ᠃ ᠤᠷᠢᠳ ᠬᠣᠵᠢᠳ 《ᠬᠡᠷᠡᠭ ᠦᠨ ᠡᠵᠡᠨ》᠂ 《 ᠭᠠᠩᠭᠠᠮᠥ᠋ᠷᠡᠨ ᠤ ᠱᠣᠭ ᠶᠠᠷᠢᠶ᠎ᠠ》 ᠭᠡᠬᠦ ᠬᠣᠶᠠᠷ ᠱᠣᠭ ᠶᠠᠷᠢᠶ᠎ᠠ ᠵᠢᠨ ᠲᠡᠭᠦᠪᠦᠷᠢ ᠬᠡᠪᠯᠡᠭᠦᠯᠵᠦ ᠳᠤᠮᠳᠠᠳᠤ ᠤᠯᠤᠰ ᠤᠨ ᠳᠠᠭᠤᠷᠢᠯᠢᠭ ᠤᠨ ᠨᠡᠢᠭᠡᠮᠯᠢᠭ ᠦᠨ ᠭᠡᠰᠢᠭᠦᠨ ᠪᠣᠯᠵᠠᠢ᠃ ᠲᠧᠯᠸᠢᠰ ᠬᠣᠷᠢᠶᠠᠨ ᠳ᠋ᠤ᠌ ᠣᠷᠴᠢᠭᠤᠯᠤᠭᠰᠠᠨ᠂ ᠣᠷᠴᠢᠭᠤᠯᠭ᠎ᠠ ᠶᠢ ᠬᠢᠨᠠᠭᠰᠠᠨ ᠺᠢᠨᠣ᠋᠂ ᠲᠧᠯᠸᠢᠰ ᠵᠦ ᠴᠤ᠌ᠭᠡ᠂ ᠲᠤᠰᠭᠠᠢ ᠹᠢᠯᠢᠮ ᠭᠡᠪᠡᠯ 《ᠤᠯᠠᠭᠠᠨ ᠠᠰᠠᠷ ᠤᠨ ᠵᠡᠭᠦᠳᠦ》᠂ 《 ᠪᠠᠷᠠᠭᠤᠨᠰᠢ ᠵᠣᠷᠴᠢᠭᠰᠠᠨ ᠲᠡᠮᠳᠡᠭᠯᠡᠯ》᠂ 《ᠬᠦᠰᠡᠯ》᠂ 《ᠭᠤᠨᠢᠭ ᠪᠠᠶᠠᠷ ᠬᠣᠣᠰᠯᠠᠭᠰᠠᠨ ᠤᠷᠤᠭ》᠂ 《ᠬᠥᠬᠡ ᠪᠢᠳᠤᠷᠶᠠᠨ ᠰᠣᠨᠳᠤᠷ》᠂ 《ᠠᠭᠤᠤ ᠬᠥᠮᠦᠨ ᠵᠧᠦ ᠡᠸᠨ ᠯᠠᠶ》᠂ 《ᠳ᠋ᠧᠩ ᠰᠢᠶᠣᠣ ᠫᠢᠩ》᠂ 《ᠵᠣ ᠳ᠋ᠸ》᠂ 《 ᠯᠦ᠍ ᠱᠠᠨ ᠠᠭᠤᠯᠠ》᠂ 《ᠣᠷᠳᠣ ᠵᠠᠮ ᠤᠨ ᠠᠶᠠᠨ ᠳᠠᠵᠢᠨ —— ᠪᠠᠯᠠᠷᠠᠰᠢ ᠦᠬᠡᠶ ᠲᠤᠤᠯᠢᠰ》᠂ 《ᠡᠷᠡᠨ ᠠᠯᠤᠰᠯᠠᠭᠰᠠᠨ ᠠᠭᠤᠯᠵᠠᠯᠲᠠ》 ᠵᠡᠷᠭᠡ ᠨᠢ ᠪᠦᠬᠥ ᠤᠯᠤᠰ ᠤᠨ 《 ᠠᠵᠢᠨᠠᠢ ᠬᠦᠯᠦᠭ》 ᠱᠠᠩᠨᠠᠯ ᠪᠤᠶᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠱᠠᠩᠨᠠᠯ ᠬᠦᠷᠲᠡᠵᠡᠶ᠃ 1998 ᠣᠨ ᠳᠤ ᠳᠤᠮᠳᠠᠳᠤ ᠤᠯᠤᠰ ᠤᠨ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ᠂ ᠷᠠᠳᠢᠣ᠋ ᠺᠢᠨᠣ᠋ ᠲᠧᠯᠸᠢᠰ ᠦᠨ ᠲᠣᠪᠴᠢᠶ᠎ᠠ᠂ ᠰᠣᠶᠤᠯ ᠤ᠋ᠨ ᠵᠠᠮ ᠤᠨ᠂ ᠵᠣᠬᠢᠶᠠᠯᠴᠢᠳ ᠤᠨ ᠬᠣᠷᠢᠶ᠎ᠠ ᠠᠴᠠ ᠲᠡᠭᠦᠨ ᠳᠦ 《ᠴᠥᠭᠡᠨ ᠲᠣᠭᠠᠨᠲᠦ᠍ ᠦᠨᠳᠦᠰᠦᠲᠡᠨ ᠦ ᠬᠡᠯᠡᠨ ᠦ ᠲᠧᠯᠸᠢᠰ ᠣᠷᠴᠢᠭᠤᠯᠭ᠎ᠠ ᠵᠢᠨ ᠠᠵᠢᠯ ᠳᠤ ᠲᠣᠪᠣᠢᠭᠰᠠᠨ ᠠᠮᠵᠢᠯᠲᠠ ᠣᠯᠤᠯ᠎ᠠ》 ᠬᠡᠮᠡᠬᠦ ᠬᠥᠬᠢᠭᠦᠯᠦᠯ ᠦ᠋ᠨ ᠲᠡᠮᠳᠡᠭ ᠣᠯᠭᠤᠵᠠᠢ᠃ ( ᠡᠷᠬᠢᠮᠲᠦ )
Copyight 2016 by nmgmzw.gov.cn All Rights Reserved