ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠠᠩᠪᠣᠯᠤᠳ᠂

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠭᠠᠩᠪᠣᠯᠤᠳ᠂ ( 1958~ ) ᠰᠡᠳᠭᠦᠯᠴᠢ᠃ ᠮᠣᠩᠭᠤᠯ ᠤᠯᠤᠰ  ᠤᠨ ᠳᠤᠮᠳᠠᠭᠣᠪᠢ ᠠᠢᠮᠠᠭ  ᠤᠨ ᠲᠥᠪ ᠲᠥ ᠲᠥᠷᠦᠵᠡᠢ᠃ 1983 ᠣᠨ ᠳᠤ ᠵᠥᠪᠯᠡᠯᠲᠦ ᠬᠣᠯᠪᠤᠭᠠᠨ   ᠲᠦ᠍ ᠤᠯᠤᠰ  ᠤᠨ ᠯᠧᠨᠢᠨᠭᠡᠨᠷᠡᠳ᠋ ᠦᠨ ᠶᠡᠬᠡ ᠰᠤᠷᠭᠠᠭᠤᠯᠢ  ᠵᠢᠨ ᠰᠡᠳᠭᠦᠯᠴᠢ ᠮᠡᠷᠭᠡᠵᠢᠯ ᠢᠶᠡᠷ ᠲᠡᠭᠦᠰ ᠴᠤ᠌᠂ 1983~ 1990 ᠣᠨ ᠪᠣᠯᠲᠠᠯ᠎ᠠ 《ᠬᠥᠳᠡᠯᠮᠦᠷᠢ》 ᠰᠣᠨᠢᠨ ᠳ᠋ᠤ᠌ ᠰᠤᠷᠪᠤᠯᠵᠢᠯᠠᠭᠴᠢ᠂ ᠨᠠᠷᠢᠨ ᠪᠢᠴᠢᠭ ᠦᠨ ᠳᠠᠷᠤᠭ᠎ᠠ ᠪᠠᠢᠵᠤ᠂ 1990 ᠣᠨ ᠳᠤ 《ᠢᠯᠡ ᠲᠣᠪᠴᠢᠶ᠎ᠠ》 ᠰᠣᠨᠢᠨ ᠢ ᠡᠭᠦᠰᠭᠡᠨ ᠡᠷᠬᠢᠯᠡᠵᠦ ᠨᠠᠷᠢᠨ ᠪᠢᠴᠢᠭ ᠦᠨ ᠳᠠᠷᠤᠭ᠎ᠠ ᠪᠣᠯᠪᠠ᠃ 1992 ~ 1996 ᠣᠨ ᠪᠣᠯᠲᠠᠯ᠎ᠠ《ᠠᠷᠠᠳ  ᠤᠨ ᠡᠷᠬᠡ》 ᠰᠣᠨᠢᠨ ᠤ ᠨᠠᠷᠢᠨ ᠪᠢᠴᠢᠭ ᠦᠨ ᠳᠠᠷᠤᠭ᠎ᠠ ᠪᠠᠢᠭᠰᠠᠨ ᠢᠶᠠᠨ 1997 ᠣᠨ ᠳᠤ 《ᠵᠠᠰᠠᠭ  ᠤᠨ ᠭᠠᠵᠠᠷ  ᠤᠨ ᠮᠡᠳᠡᠭᠡ》 ᠰᠣᠨᠢᠨ ᠤ ᠡᠷᠬᠢᠯᠡᠭᠴᠢ ᠪᠣᠯᠪᠠ᠃ ᠲᠡᠷᠡ ᠰᠣᠨᠢᠨ ᠮᠡᠳᠡᠭᠡᠯᠡᠯ ᠦᠨ ᠠᠵᠢᠯ ᠳᠠᠭᠠᠨ ᠵᠠᠬ᠎ᠠ ᠵᠡᠭᠡᠯᠢ᠂ ᠡᠳ᠋ ᠦᠨ ᠵᠠᠰᠠᠭ  ᠤᠨ ᠰᠢᠯᠵᠢᠯᠲᠡ  ᠵᠢᠨ ᠠᠰᠠᠭᠤᠳᠠᠯ ᠪᠣᠯ ᠤᠨ ᠬᠥᠮᠦᠨ ᠦ᠌ ᠶᠣᠰᠤ ᠰᠤᠷᠲᠠᠬ ᠤᠨ ᠤ ᠰᠡᠳᠦᠪ ᠢᠶᠡᠷ ᠣᠯᠠᠨ ᠮᠡᠳᠡᠭᠡᠯᠡᠯ ᠪᠢᠴᠢᠵᠦ ᠨᠡᠢᠲᠡᠯᠡᠭᠦᠯᠦᠭᠡᠳ ᠨᠡᠷ᠎ᠡ ᠭᠠᠷᠴᠠᠢ᠃   ᠲᠦ᠍ᠬᠠᠢᠯᠠᠪᠠᠯ 1990~ 1992 ᠣᠨ ᠤ ᠬᠣᠭᠤᠷᠤᠨᠳᠤ ᠪᠢᠴᠢᠭᠰᠡᠨ 《ᠮᠣᠩᠭᠤᠯ ᠵᠠᠬ᠎ᠠ ᠵᠡᠭᠡᠯᠢ ᠳᠦ ᠰᠢᠯᠵᠢᠪᠡ》 ᠭᠡᠰᠡᠨ  ᠴᠤ᠌ᠪᠤᠷᠠᠯ ᠥᠭᠦᠯᠡᠯ᠂ 《ᠮᠣᠩᠭᠤᠯ ᠲᠦᠷᠥ  ᠵᠢᠨ ᠨᠢᠭᠡᠨ ᠲᠦᠰᠢᠶ᠎ᠡ》 ᠵᠡᠷᠭᠡ ᠰᠦᠷᠦᠭ ᠨᠠᠢᠷᠠᠭᠤᠯᠤᠯ ᠨᠢ ᠬᠥᠮᠦᠰ ᠦ᠋ᠨ ᠳᠤᠮᠳᠠ ᠳᠣᠷᠭᠢᠯᠲᠠ ᠭᠠᠷᠴᠠᠢ᠃ ᠲᠡᠭᠦᠨ ᠦ ᠬᠥᠳᠡᠯᠮᠦᠷᠢ ᠪᠦᠲᠦᠭᠡᠯ ᠢ ᠲᠦᠷᠥ ᠡᠴᠡ ᠦᠨᠡᠯᠡᠵᠦ᠂ ᠠᠯᠲᠠᠨ ᠭᠠᠳᠠᠰᠤ ᠣᠳᠣᠨ ᠤ ᠱᠠᠩᠨᠠᠯ ᠬᠦᠷᠲᠡᠭᠡᠪᠡ᠃