ᠨᠡᠷ᠎ᠡ:
ᠭᠠᠩᠪᠣᠯᠤᠳ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠭᠠᠩᠪᠣᠯᠤᠳ ( 1955~ ) ᠰᠡᠳᠭᠦᠯᠴᠢ᠃ ᠮᠣᠩᠭᠤᠯ ᠤᠯᠤᠰ ᠤᠨ ᠣᠪᠰᠣ ᠠᠢᠮᠠᠭ ᠤᠨ ᠲᠥᠪ ᠲᠦ᠍ ᠲᠥᠷᠦᠵᠡᠢ᠃ 1973~ 1979 ᠣᠨ ᠳᠤ ᠮᠤᠰᠺᠸᠠ ᠵᠢᠨ ᠯᠦ᠍ᠮᠣᠨᠣᠰᠤᠪ ᠶᠡᠬᠡ ᠰᠤᠷᠭᠠᠭᠤᠯᠢ ᠳᠤ ᠰᠡᠳᠭᠦᠯᠴᠢ ᠮᠡᠷᠭᠡᠵᠢᠯ ᠢᠶᠡᠷ ᠲᠡᠭᠦᠰ ᠴᠤ᠌᠂ 1979——D86 ᠣᠨ ᠪᠣᠯᠲᠠᠯ᠎ᠠ 《ᠦᠨᠡᠨ ) ᠰᠣᠨᠢᠨ ᠤ ᠰᠤᠷᠪᠤᠯᠵᠢᠯᠠᠭᠴᠢ᠂ ᠬᠡᠯᠲᠡᠰ ᠦᠨ ᠡᠷᠬᠢᠯᠡᠭᠴᠢ ᠪᠠᠢᠵᠠᠢ᠃ 1986~ 1989 ᠣᠨ ᠳᠤ ᠮᠤᠰᠺᠸᠠ ᠳ᠋ᠤ᠌ ᠨᠡᠢᠭᠡᠮ ᠦᠨ ᠤᠬᠠᠭᠠᠨ ᠤ ᠠᠺᠠᠳᠧᠮᠢ ( ᠬᠦᠷᠢᠶᠡᠯᠡᠩ ) ᠳᠦ ᠰᠤᠷᠤᠯᠴᠠᠨ᠂ 《ᠬᠡᠪᠯᠡᠯ ᠦᠨ ᠰᠢᠭᠦᠮᠵᠢᠯᠡᠯᠲᠦ ᠮᠠᠲ᠋ᠧᠷᠢᠶᠠᠯ ᠤᠨ ᠦᠷ᠎ᠡ ᠨᠥᠯᠦᠭᠡ ᠶ᠋ᠢ ᠳᠡᠭᠡᠭᠰᠢᠯᠡᠭᠦᠯᠬᠦ ᠠᠰᠠᠭᠤᠳᠠᠯ》 ᠭᠡᠬᠦ ᠰᠡᠳᠦᠪ ᠢᠶᠡᠷ ᠥᠭᠦᠯᠡᠯ ᠪᠢᠴᠢᠵᠦ᠂ ᠳᠡᠳ᠋ ᠡᠷᠳᠡᠮᠲᠡᠨ ᠦ ᠴᠣᠯᠠ ᠬᠠᠮᠠᠭᠠᠯᠠᠵᠠᠢ᠃ 19B9 ~ 991 ᠣᠨ ᠳᠤ 《ᠦᠨᠡᠨ》 ᠰᠣᠨᠢᠨ ᠤ 《ᠪᠣᠳᠤᠯ ᠰᠣᠯᠪᠢᠴᠠᠯ》 ᠬᠡᠮᠡᠬᠦ ᠳᠠᠭᠠᠭᠤᠯᠢ ᠰᠣᠨᠢᠨ ᠤ ᠡᠷᠬᠢᠯᠡᠭᠴᠢ ᠪᠠᠢᠪᠠ᠃ 1992 ᠣᠨ ᠳᠤ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩᠭᠤᠭᠳᠠᠵᠤ ᠠᠵᠢᠯᠯᠠᠵᠤ ᠪᠠᠢᠬᠤ ᠳᠠᠭᠠᠨ ᠰᠣᠨᠢᠨ ᠬᠡᠪᠯᠡᠯ ᠬᠠᠤᠯᠢ ᠪᠣᠯᠪᠠᠰᠤᠷᠠᠭᠤᠯᠬᠤ ᠲᠥᠰᠦᠯ ᠦ᠋ᠨ ᠠᠬᠠᠯᠠᠭᠴᠢ ᠪᠣᠯᠵᠤ ᠶᠠᠪᠤᠯ᠎ᠠ᠃ B96~ 1998 ᠣᠨ ᠳᠤ 《ᠠᠷᠠᠳ ᠤᠨ ᠡᠷᠬᠡ》 ᠰᠣᠨᠢᠨ ᠤ ᠨᠢᠭᠡᠳᠦᠭᠡᠷ ᠣᠷᠤᠯᠠᠭᠴᠢ ᠪᠠᠷ᠂ 1999 ᠣᠨ ᠠᠴᠠ 《ᠵᠠᠰᠠᠭ ᠤᠨ ᠭᠠᠵᠠᠷ ᠤᠨ ᠮᠡᠳᠡᠭᠡ》 ᠰᠣᠨᠢᠨ ᠤ ᠶᠡᠷᠦᠩᠬᠡᠶ ᠡᠷᠬᠢᠯᠡᠭᠴᠢ ᠪᠠᠢᠪᠠ᠃ ᠲᠡᠷᠡ ᠪᠠᠰᠠ 《ᠵᠠᠭ ᠤᠨ ᠤ ᠮᠡᠳᠡᠭᠡ》 ᠰᠣᠨᠢᠨ ᠢ ᠰᠠᠨᠠᠭᠠᠴᠢᠯᠠᠨ ᠡᠬᠢᠯᠡᠭᠦᠯᠵᠦ᠂ ᠳᠠᠷᠠᠭ᠎ᠠ ᠨᠢ ᠮᠣᠩᠭᠤᠯ ᠤ᠋ᠨ ᠷᠠᠳᠢᠣ᠋ ᠲᠧᠯᠸᠢᠰ ᠦᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠪᠣᠯᠵᠠᠢ᠃ ᠲᠡᠭᠦᠨ ᠦ ᠪᠢᠴᠢᠯᠭᠡ ᠵᠢᠨ ᠣᠨᠴᠠᠯᠢᠭ ᠨᠢ ᠤᠯᠤᠰ ᠲᠦᠷᠥ ᠨᠡᠢᠭᠡᠮ ᠦᠨ ᠰᠡᠳᠦᠪ ᠢ ᠠᠩᠭᠢᠳᠠ ᠠᠩᠬᠠᠷ ᠴᠤ᠌ ᠣᠯᠠᠨ ᠮᠡᠳᠡᠭᠡᠯᠡᠯ ᠨᠠᠢᠳᠠᠯᠠᠵᠠᠢ᠃ 《ᠬᠠᠷᠢᠭᠤᠴᠠᠯᠭ᠎ᠠ ᠲᠣᠭᠠᠨᠴᠢᠬᠤ ᠡᠷᠬᠡ》 ( 1985 )᠂ 《ᠲᠦᠷᠥ ᠵᠢᠨ ᠲᠦᠰᠢᠶ᠎ᠡ ᠬᠡᠨ ᠪᠣᠶ》 ( 1991 ) ᠵᠡᠷᠭᠡ ᠨᠡᠢᠲᠡᠯᠡᠯ ᠵᠣᠬᠢᠶᠠᠯ ᠨᠢ ᠤᠩᠰᠢᠭᠴᠢᠳ ᠤᠨ ᠳᠤᠮᠳᠠ ᠥᠷᠭᠡᠨ ᠨᠥᠯᠦᠭᠡ ᠭᠠᠷᠴᠠᠢ᠃
Copyight 2016 by nmgmzw.gov.cn All Rights Reserved