ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬᠡᠰᠢᠭᠲᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬᠡᠰᠢᠭᠲᠦ᠂ ( 1937 ) ᠰᠡᠳᠭᠦᠯᠴᠢ᠃ ᠮᠣᠩᠭᠤᠯ ᠤᠯᠤᠰ  ᠤᠨ ᠠᠷᠤᠬᠠᠩᠭᠠᠶ ᠠᠢᠮᠠᠭ  ᠤᠨ ᠬᠠᠰᠢᠶᠠᠲᠤ ᠰᠤᠮᠤ  ᠵᠢᠨ ᠨᠤᠲᠤᠭ    ᠲᠦ᠍ ᠲᠥᠷᠦᠵᠡᠢ᠃ 1950 ᠣᠨ ᠳᠤ ᠤᠯᠠᠭᠠᠨᠪᠠᠭᠠᠲᠤᠷ    ᠲᠦ᠍ ᠤᠷᠠᠯᠢᠭ  ᠤᠨ ᠰᠤᠷᠭᠠᠭᠤᠯᠢ ᠲᠡᠭᠦᠰᠭᠡᠵᠦ᠂ 1969 ᠣᠨ ᠳᠤ ᠮᠤᠰᠺᠸᠠ ᠳ᠋ᠤ᠌ ᠲᠧᠯᠸᠢᠰ ᠨᠠᠢᠷᠠᠭᠤᠯᠤᠭᠴᠢ  ᠵᠢᠨ ᠺᠦᠷᠡᠰ ᠲᠦ ᠰᠤᠷᠤᠯᠴᠠᠪᠠ᠃ 1975 ᠣᠨ ᠳᠤ ᠤᠯᠠᠭᠠᠨᠪᠠᠭᠠᠲᠤᠷ    ᠲᠦ᠍ ᠣᠷᠣᠶ  ᠵᠢᠨ ᠳᠡᠭᠡᠳᠦ ᠰᠤᠷᠭᠠᠭᠤᠯᠢ ᠲᠡᠭᠦᠰᠭᠡᠵᠡᠢ᠃ ᠲᠡᠷᠡ 1950——1966 ᠣᠨ ᠤ ᠬᠣᠭᠤᠷᠤᠨᠳᠤ ᠤᠯᠤᠰ  ᠤᠨ ᠬᠥᠭᠵᠢᠮᠲᠦ ᠲᠡᠷᠡᠮ ᠦᠨ ᠲᠢᠶᠠᠲ᠋ᠷ ᠲᠦ᠍ᠵᠦᠴᠤ᠌ ᠭᠴᠢᠨ ᠪᠠᠢᠭᠰᠠᠨ ᠢᠶᠠᠨ ᠳᠠᠷᠠᠭ᠎ᠠ ᠨᠢ ᠮᠣᠩᠭᠤᠯ ᠤᠯᠤᠰ  ᠤᠨ ᠺᠢᠨᠣ᠋ ᠦᠢᠯᠡᠳᠪᠦᠷᠢ ᠳᠦ ᠨᠠᠢᠷᠠᠭᠤᠯᠤᠭᠴᠢ ᠪᠠᠷ ᠠᠵᠢᠯᠯᠠᠪᠠ᠃ ᠭᠡᠬᠦ ᠳᠡᠭᠡᠨ 《ᠴᠡᠩᠬᠡᠷ ᠳᠡᠯᠭᠡᠴᠡ》᠂ 《 ᠣᠷᠴᠢᠨ ᠦᠶ᠎ᠡ  ᠵᠢᠨ ᠵᠠᠯᠠᠭᠤ ᠴᠤ᠌ᠳ》 ᠵᠡᠷᠭᠡ ᠨᠥᠯᠦᠭᠡ ᠲᠡᠢ ᠨᠡᠪᠲᠡᠷᠡᠭᠦᠯᠭᠡ ᠶᠢ ᠷᠠᠳᠢᠣ᠋ ᠲᠧᠯᠸᠢᠰ ᠲᠦ ᠡᠷᠬᠢᠯᠡᠵᠦ ᠪᠠᠢᠪᠠ᠃ ᠮᠣᠩᠭᠤᠯ ᠤᠯᠤᠰ  ᠤᠨ ᠠᠩᠬᠠᠨ ᠤ ᠲᠧᠯᠸᠢᠰ ᠵᠦ ᠴᠤ᠌ᠭᠡ 《ᠮᠣᠩᠭᠤᠯ ᠤᠶᠠᠩᠭ᠎ᠠ》 ᠶᠢ ᠲᠡᠷᠡ ᠪᠦᠲᠦᠭᠡᠭᠰᠡᠨ ᠶᠤᠮ᠃ ᠲᠡᠭᠦᠨ ᠦ ᠪᠦᠲᠦᠭᠡᠯ 《ᠮᠣᠩᠭᠤᠯ ᠬᠦᠭᠡᠮᠢ》᠂ 《ᠢᠩᠭᠡᠨ ᠡᠭᠡᠰᠢᠭ》 ᠺᠢᠨᠣ᠋ ᠨᠢ ᠮᠤᠰᠺᠸᠠ ᠳ᠋ᠤ᠌ ᠣᠯᠠᠨ ᠤᠯᠤᠰ  ᠤᠨ ᠶᠡᠬᠡ ᠨᠠᠭᠠᠳᠤᠮ  ᠤᠨ ᠲᠡᠷᠢᠭᠦᠨ ᠱᠠᠩᠨᠠᠯ ᠬᠦᠷᠲᠡᠵᠡᠶ᠃ 《ᠵᠢᠷᠤᠭ   ᠲᠦ᠍ ᠵᠤᠯᠠ  ᠵᠢᠨ ᠬᠣᠢᠮᠤᠷ     ᠲᠦ᠍ ᠵᠠᠯᠠᠷᠠᠭᠰᠠᠨ ᠨᠢ》 ᠭᠡᠬᠦ ᠮᠣᠩᠭᠤᠯ ᠲᠧᠯᠸᠢᠰ ᠦᠨ ᠨᠣᠮ ᠳᠤ 《ᠢᠷᠡᠭᠡᠳᠦᠶ  ᠮᠢᠨᠢ ᠥᠩᠭᠡᠷᠡᠭᠰᠡᠨ ᠦ᠌ ᠦᠷᠭᠦᠯᠵᠢᠯᠡᠯ》 ᠭᠡᠬᠦ ᠵᠣᠬᠢᠶᠠᠯ ᠢᠶᠠᠨ ᠨᠠᠢᠳᠠᠯᠠᠵᠠᠢ᠃ ᠲᠡᠭᠦᠨ ᠦ ᠬᠥᠳᠡᠯᠮᠦᠷᠢ ᠶ᠋ᠢ ᠲᠦᠷᠥ ᠡᠴᠡ ᠦᠨᠡᠯᠡᠵᠦ᠂ ᠠᠯᠲᠠᠨ ᠭᠠᠳᠠᠰᠤ ᠣᠳᠣᠨ ᠤ ᠱᠠᠩᠨᠠᠯ ᠬᠦᠷᠲᠡᠭᠰᠡᠨ ᠪᠦᠬᠦᠨ ᠳᠦ ᠤᠷᠠᠯᠢᠭ  ᠤᠨ ᠭᠠᠪᠢᠶᠠᠲᠦ᠍ ᠵᠢᠳᠭᠦᠯᠲᠡᠨ ᠦ᠌ ᠴᠣᠯᠠ ᠣᠯᠭᠤᠵᠠᠢ᠃