ᠨᠡᠷ᠎ᠡ:
ᠬᠡᠰᠢᠩᠭᠡ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠬᠡᠰᠢᠩᠭᠡ ( 1889—— 1950 ) ᠰᠣᠶᠤᠯ ᠤ᠋ᠨ ᠵᠢᠳᠭᠦᠯᠲᠡᠨ᠂ ᠨᠠᠢᠷᠠᠭᠤᠯᠤᠭᠴᠢ᠂ ᠣᠷᠴᠢᠭᠤᠯᠤᠭᠴᠢ᠃ ᠥᠪᠦᠷ ᠮᠣᠩᠭᠤᠯ ᠤ᠋ᠨ ᠬᠣᠷᠴᠢᠨ ᠵᠡᠭᠦᠨ ᠭᠠᠷ ᠤᠨ ᠡᠮᠦᠨᠡᠲᠦ ᠬᠣᠰᠢᠭᠤᠨ ᠳᠤ ᠲᠥᠷᠦᠵᠡᠢ᠃ ᠲᠡᠷᠡ ᠪᠠᠭ᠎ᠠ ᠠᠴᠠ ᠪᠠᠨ ᠣᠶ ᠪᠢᠯᠢᠭ ᠬᠤᠷᠴᠠ᠂ ᠰᠤᠷᠬᠤ ᠳᠤᠷᠠᠲᠠᠶ᠂ ᠰᠤᠳᠤᠯᠬᠤ ᠠᠪᠢᠶᠠᠰ ᠲᠠᠢ᠂ ᠠᠷᠪᠠᠨ ᠬᠡᠳᠦᠬᠡᠨ ᠨᠠᠰᠤᠲᠠᠶ ᠪᠠᠢᠬᠤ ᠳᠠᠭᠠᠨ ᠮᠣᠩᠭᠤᠯ᠂ ᠬᠢᠲᠠᠳ ᠪᠢᠴᠢᠭ ᠰᠤᠷ ᠴᠤ᠌᠂ ᠬᠣᠵᠢᠮ ᠨᠢ ᠲᠥᠪᠡᠳ ᠦᠰᠥᠭ ᠢ ᠴᠤ᠌ ᠤᠩᠰᠢᠵᠤ ᠭᠠᠷᠬᠤ ᠪᠣᠯᠵᠠᠢ᠃ 1911 ᠣᠨ ᠤ ᠴᠠᠭᠠᠭᠴᠢᠨ ᠭᠠᠬᠠᠶ ᠵᠢᠯ ᠦᠨ ᠬᠤᠪᠢᠰᠭᠠᠯ ᠠ᠋ᠴᠠ ᠡᠮᠦᠨᠡᠬᠡᠨ ᠮᠦᠭᠳᠡᠨ ᠦ ᠬᠦᠶ ᠿᠸᠠ ᠮᠣᠩᠭᠤᠯ ᠰᠤᠷᠭᠠᠭᠤᠯᠢ ᠳᠤ ᠪᠠᠭᠰᠢ ᠪᠠᠢᠵᠤ᠂ 191 4 ᠣᠨ ᠳᠤ 《ᠮᠣᠩᠭᠤᠯ ᠰᠤᠷᠬᠤ ᠪᠢᠴᠢᠭ ᠦᠨ ᠨᠠᠢᠷᠠᠭᠤᠯᠬᠤ ᠲᠣᠪᠴᠢᠶ᠎ᠠ》 ᠳᠤ ᠨᠠᠢᠷᠠᠭᠤᠯᠤᠭᠴᠢ ᠪᠣᠯᠵᠠᠢ᠃ 《5. 4》 ᠤ ᠬᠤᠪᠢᠰᠭᠠᠯ ᠲᠦ᠍ ᠬᠥᠳᠡᠯᠭᠡᠭᠡᠨ ᠦ᠌ ᠨᠥᠯᠦᠭᠡ ᠪᠡᠷ ᠲᠡᠷᠡ ᠷᠣᠯᠭᠠᠷᠵᠠᠪ᠂ ᠷᠠᠰᠢᠰᠡᠩᠭᠡ ᠵᠡᠷᠭᠡ ᠬᠥᠮᠦᠰ ᠦ᠋ᠨ ᠬᠠᠮᠲᠤ ᠮᠣᠩᠭᠤᠯ ᠦᠨᠳᠦᠰᠦᠲᠡᠨ ᠦ ᠰᠤᠷᠭᠠᠨ ᠬᠥᠮᠦᠵᠢᠯ ᠢ᠋ ᠬᠥᠭᠵᠢᠭᠦᠯᠬᠦ ᠵᠣᠷᠢᠯᠭ᠎ᠠ ᠪᠠᠷ ᠪᠠᠳᠢᠷ ᠡᠷᠢᠵᠦ ᠵᠣᠭᠤᠰ ᠮᠥᠩᠭᠦ ᠬᠤᠷᠠᠮᠳᠤᠭᠤᠯ ᠤᠨ 1926 ᠣᠨ ᠳᠤ 《ᠵᠡᠭᠦᠨ ᠮᠣᠩᠭᠤᠯ ᠤ᠋ᠨ ᠪᠢᠴᠢᠭ ᠦᠨ ᠬᠣᠷᠢᠶ᠎ᠠ》 ᠶᠢ ᠮᠦᠭᠳᠡᠨ ᠬᠣᠲᠠᠨ ᠳᠤ ᠪᠠᠢᠭᠤᠯᠵᠤ᠂ ᠦᠨᠳᠦᠰᠦᠲᠡᠨ ᠦ ᠪᠡᠨ ᠲᠥᠯᠦᠭᠡ ᠨᠡᠯᠢᠶᠡᠳ ᠨᠣᠮ ᠪᠢᠴᠢᠭ ᠨᠠᠢᠷᠠᠭᠤᠯ ᠤᠨ ᠬᠡᠪᠯᠡᠵᠦ ᠲᠠᠷᠬᠠᠭᠠᠵᠠᠢ᠃ 《ᠵᠡᠭᠦᠨ ᠮᠣᠩᠭᠤᠯ ᠤ᠋ᠨ ᠪᠢᠴᠢᠭ ᠦᠨ ᠬᠣᠷᠢᠶᠠᠨ ᠤ᠋ ᠮᠡᠳᠡᠭᠦᠯᠦᠯ》 ᠳᠦ᠄ 《. .᠂ . ᠬᠡᠳᠦᠶ ᠦᠶ᠎ᠡ ᠦᠶ᠎ᠡ ᠳᠦ ᠡᠷᠳᠡᠮᠲᠡᠨ ᠮᠡᠷᠭᠡᠳ ᠦᠨ ᠵᠣᠬᠢᠶᠠᠭᠰᠠᠨ ᠰᠤᠳᠤᠷ ᠪᠢᠴᠢᠭ ᠪᠠ ᠳᠤᠮᠳᠠᠳᠤ ᠭᠠᠳᠠᠭᠠᠳᠤ ᠣᠯᠠᠨ ᠤᠯᠤᠰ ᠤᠨ ᠴᠢᠬᠤᠯᠠ ᠨᠣᠮ ᠪᠢᠴᠢᠭ ᠢ ᠣᠯᠵᠤ ᠣᠷᠴᠢᠭᠤᠯ ᠤᠨ ᠠᠪᠤᠭᠰᠠᠨ ᠠᠨᠤ ᠬᠠᠶᠠ ᠪᠣᠶ ᠪᠣᠯᠪᠠ ᠴᠤ᠌ ᠳᠠᠷᠤᠮᠠᠯ ᠳᠠᠷᠤᠮᠠᠯᠯᠠᠵᠤ ᠲᠦᠭᠡᠮᠡᠯ ᠲᠠᠷᠬᠠᠭᠠᠭᠰᠠᠨ ᠠᠨᠤ ᠴᠥᠭᠡᠨ ᠲᠦ᠍ᠯᠠ᠂ ᠨᠡᠢᠭᠡᠮ ᠬᠦᠷᠲᠡᠭᠡᠨ ᠡᠰᠡ ᠴᠢᠳᠠᠭᠠᠳ᠂ ᠬᠠᠷᠢᠨ ᠰᠤᠷᠬᠤᠶ ᠳᠤᠷ ᠳᠤᠷᠠᠲᠠᠶ ᠬᠡᠦᠬᠡᠳ ᠳᠡᠭᠦᠦ ᠨᠡᠷ ᠤᠩᠰᠢᠬᠤ ᠨᠣᠮ ᠣᠯᠠᠨᠤ ᠦᠬᠡᠶ ᠳᠦᠷ ᠪᠣᠭᠤᠭᠳᠠᠵᠤ᠂ ᠲᠥᠷᠦᠯᠬᠢ ᠰᠠᠵᠢᠨ ᠴᠢᠨᠠᠷ ᠢ ᠰᠢᠯᠵᠢᠭᠦᠯᠭᠦᠢ ᠳᠦᠷ ᠬᠦᠷᠦᠭᠰᠡᠨ ᠢᠨᠤ ᠮᠥᠨ ᠦᠯᠡᠮᠵᠢ᠃ ᠳᠠᠵᠢᠨ ᠠᠭᠰᠠᠭᠠᠷ ᠰᠤᠷᠤᠯᠭ᠎ᠠ ᠠᠰᠠᠭᠤᠯᠭ᠎ᠠ ᠨᠢᠭᠡᠮᠦᠰᠦᠨ ᠭᠡᠭᠡᠭᠳᠡᠵᠦᠬᠦᠢ᠃ ᠡᠳᠦᠭᠡ ᠪᠣᠯᠪᠠ ᠴᠤ᠌ ᠡᠸᠦᠷᠦᠫᠡ ᠠᠮᠧᠷᠢᠺᠠ ᠵᠢᠨ ᠣᠯᠠᠨ ᠤᠯᠤᠰ ᠴᠥᠮ ᠤᠯᠠᠮ ᠢᠶᠠᠷ ᠤᠳᠭ᠎ᠠ ᠬᠡᠭᠡᠨ ᠳᠦᠷ ᠰᠢᠲᠠᠷᠠᠳᠠᠵᠤ᠂ ᠥᠪᠡᠷ ᠥᠪᠡᠷ ᠦ᠋ᠨ ᠤᠭᠰᠠᠭ᠎ᠠ ᠠᠢᠮᠠᠭ ᠤᠨ ᠤᠳᠭ᠎ᠠ ᠰᠤᠷᠤᠯᠭ᠎ᠠ ᠶᠢ ᠬᠥᠭᠵᠢᠭᠦᠯᠦᠨ ᠳᠡᠯᠭᠡᠷᠡᠭᠦᠯᠬᠦ ᠶᠢ ᠦᠯᠥ ᠬᠢᠴᠢᠶᠡᠭᠦᠨ ᠢᠶᠡᠷ ᠦᠬᠡᠶ᠃ ᠲᠡᠷᠡ ᠳᠡᠭᠡᠷ᠎ᠡ ᠣᠯᠠᠨ ᠬᠦ ᠴᠤ᠌ᠷᠬᠡᠭ ᠦᠳ ᠬᠠᠷᠢᠯᠴᠠᠨ ᠢᠯᠡᠭᠦᠦ ᠪ ᠣᠯᠠᠨᠤ ᠶᠢ ᠲᠡᠮᠡᠴᠡᠬᠦ ᠡᠨᠡ ᠴᠠᠭ ᠲᠣᠷ ᠢᠮᠠᠭᠲᠠ ᠮᠠᠨ ᠤ ᠮᠣᠩᠭᠤᠯ ᠤᠭᠰᠠᠭᠠᠲᠠᠨ ᠤ ᠲᠡᠳᠦᠶ᠂ ᠬᠠᠷᠵᠢᠨ ᠰᠤᠷᠤᠯᠭ᠎ᠠ ᠠᠰᠠᠭᠤᠯᠭ᠎ᠠ ᠭᠡᠭᠡᠭᠳᠡᠵᠦ᠂ ᠤᠬᠠᠭᠠᠨ ᠮᠠᠲᠠᠯ ᠨᠢ ᠡᠰᠡ ᠨᠡᠭᠡᠭᠡᠭᠳᠡᠭᠰᠡᠨ ᠦ ᠬᠠᠷᠠᠭ᠎ᠠ ᠪᠠᠷ᠂ᠣᠭᠣᠭᠠᠲᠠ ᠡᠩᠬᠡ ᠰᠠᠮᠠᠭᠤᠨ ᠤ ᠪᠠᠢᠳᠠᠯ ᠢ ᠥᠴᠦᠬᠡᠨ ᠴᠤ᠌ ᠤᠬᠠᠬᠤ ᠦᠬᠡᠶ . . . . ᠡᠭᠦᠨ ᠳᠦᠷ ᠪ ᠣᠯᠠᠨᠢ ᠪᠢᠳᠡ ᠨᠡᠷ ᠬᠡᠳᠦᠶ ᠠᠢᠮᠠᠭ ᠤᠭᠰᠠᠭ᠎ᠠ ᠪᠠᠨ ᠳᠡᠯᠭᠡᠷᠡᠭᠦᠯᠦᠨ᠂ ᠤᠳᠭ᠎ᠠ ᠰᠣᠶᠤᠯ ᠢ᠋ ᠬᠥᠭᠵᠢᠭᠦᠯᠦᠨ᠂ ᠤᠯᠤᠰ ᠲᠦᠷᠥ ᠳᠦᠷ ᠬᠠᠢᠭᠤᠯ ᠬᠠᠯᠬᠠᠪᠴᠢ ᠪ ᠣᠯᠠᠨᠤ᠂ ᠡᠷᠳᠡᠮ ᠴᠢᠳᠠᠯ ᠡᠷᠬᠡ ᠬᠦ ᠴᠤ᠌ᠨ ᠳᠠᠵᠢᠨ ᠦᠯᠥ ᠬᠦᠷᠦᠯᠴᠡᠬᠦ ᠪᠣᠯᠪᠠ ᠴᠤ᠌᠂ ᠠᠳᠠᠯᠢ ᠵᠣᠷᠢᠭ ᠲᠦ᠍ ᠪᠠᠭᠰᠢ ᠨᠤᠭᠤᠳ ᠢ᠋ ᠤᠳᠤᠷᠢᠳ ᠴᠤ᠌ ᠬᠤᠪᠢ ᠠᠰᠢᠭ ᠡᠯᠰᠡᠭᠡᠳ᠂ ᠨᠢᠭᠡᠨ ᠪᠠᠭᠠᠬᠠᠨ ᠴᠢᠯᠠᠭᠤᠨ ᠬᠡᠪ ᠦᠨ ᠪᠢᠴᠢᠭ ᠦᠨ ᠬᠣᠷᠢᠶ᠎ᠠ ᠨᠡᠭᠡᠭᠡᠵᠦ᠂ ᠠᠯᠢᠪᠠ ᠳᠤᠮᠳᠠᠳᠤ ᠭᠠᠳᠠᠭᠠᠳᠤ ᠵᠢᠨ ᠰᠢᠨ᠎ᠡ ᠬᠠ ᠭᠤᠴᠢᠨ ᠨᠣᠮ ᠪᠢᠴᠢᠭ ᠢ ᠮᠣᠩᠭᠤᠯᠴᠢᠯᠠᠨ ᠣᠷᠴᠢᠭᠤᠯᠵᠤ ᠳᠠᠷᠤᠮᠠᠯ ᠳᠠᠷᠤᠮᠠᠯᠯᠠᠭᠠᠳ᠂ ᠰᠤᠷᠬᠤᠶ ᠳᠤᠷ ᠳᠤᠷᠠᠲᠠᠶ ᠬᠡᠦᠬᠡᠳ ᠳᠡᠭᠦᠦ ᠨᠡᠷ ᠦᠨ ᠬᠡᠷᠡᠭᠯᠡᠬᠦᠶ ᠳᠦᠷ ᠨᠡᠢᠯᠡᠭᠦᠯᠦᠨ᠂ ᠦᠷᠭᠦᠯᠵᠢ ᠨᠣᠮ ᠪᠢᠴᠢᠭ ᠣᠯᠬᠤ ᠦᠬᠡᠶ ᠪᠣᠭᠣᠭᠳᠠᠭᠴᠢᠳ ᠤᠨ ᠵᠣᠪᠠᠭᠤᠷᠢ ᠳᠤᠷ ᠲᠦ᠍ᠰᠠᠯᠠᠰᠤᠭᠠᠢ ᠬᠡᠮᠡᠮᠦᠢ . . . .》 ᠭᠡᠵᠦ ᠪᠢᠴᠢᠵᠦ ᠪᠣᠶ᠃ ᠲᠤᠰ ᠪᠢᠴᠢᠭ ᠦᠨ ᠬᠣᠷᠢᠶ᠎ᠠ ᠠᠴᠠ ᠨᠠᠢᠷᠠᠭᠤᠯ ᠤᠨ ᠬᠡᠪᠯᠡᠭᠦᠯᠦᠭᠰᠡᠨ ᠨᠣᠮ ᠪᠢᠴᠢᠭ ᠦᠳ ᠡᠴᠡ ᠭᠣᠣᠯᠴᠢᠯᠠᠨ ᠳᠤᠷᠠᠳᠪᠠᠯ᠄ 《ᠪᠠᠭ᠎ᠠ ᠠᠴᠠ ᠤᠩᠰᠢᠪᠠᠰᠤ ᠵᠣᠬᠢᠬᠤ ᠪᠢᠴᠢᠭ》᠂ 《ᠠᠩᠬᠠᠨ ᠰᠤᠷᠭᠠᠬᠤ ᠤᠯᠤᠰ ᠤᠨ ᠤᠳᠭ᠎ᠠ》 ( 8 ᠳᠡᠪᠲᠡᠷ )᠂ 《ᠠᠩᠬᠠᠨ ᠤ ᠰᠤᠷᠬᠤ ᠬᠥᠪᠡᠭᠦᠳ ᠦ᠋ᠨ ᠣᠶ ᠤᠨ ᠢ ᠨᠡᠭᠡᠭᠡᠬᠦ ᠲᠣᠳᠣᠷᠬᠠᠶ ᠲᠣᠯᠢ》᠂ 《ᠮᠣᠩᠭᠤᠯ ᠬᠢᠲᠠᠳ ᠦᠰᠥᠭ ᠬᠠᠪᠰᠤᠷᠭᠠᠭᠰᠠᠨ ᠲᠤᠭᠲᠠᠮ ᠰᠤᠷᠤᠭᠴᠢᠳ ᠤᠨ ᠤᠩᠰᠢᠬᠤ ᠪᠢᠴᠢᠭ》᠂ 《ᠮᠣᠩᠭᠤᠯ ᠦᠰᠥᠭ ᠦᠨ ᠶᠣᠰᠤᠨ ᠢ᠋ ᠲᠣᠳᠤᠳᠭᠠᠭᠴᠢ ᠲᠣᠯᠢ》᠂ 《ᠮᠣᠩᠭᠤᠯ ᠦᠰᠥᠭ ᠦᠨ ᠶᠣᠰᠤᠨ ᠢ᠋ ᠰᠠᠢᠲᠦ᠍ᠷ ᠨᠣᠮᠯᠠᠭᠰᠠᠨ ᠬᠡᠯᠡᠨ ᠦ ᠴᠢᠮᠡᠭ》᠂ 《ᠪᠣᠭᠳᠠ ᠴᠣᠢᠵᠵᠢᠨᠸᠳᠰᠠᠷ ᠤᠨ ᠵᠣᠬᠢᠶᠠᠭᠰᠠᠨ ᠵᠢᠷᠦᠬᠡᠨ ᠦ ᠲᠣᠯᠢᠳᠠ ᠵᠢᠨ ᠲᠠᠢᠯᠪᠤᠷᠢ ᠦᠰᠥᠭ ᠦᠨ ᠡᠨᠳᠡᠭᠦᠷᠡᠯ ᠦᠨ ᠬᠠᠷᠠᠩᠭᠤᠶ ᠶᠢ ᠠᠷᠢᠯᠭᠠᠭᠴᠢ ᠣᠭᠲᠠᠷᠭᠤᠶ ᠵᠢᠨ ᠮᠠᠨᠢ》 ᠵᠡᠷᠭᠡ ᠬᠢᠴᠢᠶᠡᠯ ᠬᠥᠮᠦᠵᠢᠯ ᠦ᠋ᠨ ᠬᠠᠮᠢᠶ᠎ᠠ ᠲᠠᠢ ᠨᠣᠮ ᠪᠢᠴᠢᠭ ᠡᠴᠡ ᠭᠠᠳᠠᠨ᠎ᠠ 《ᠬᠥᠬᠡ ᠭᠡᠷᠡᠯᠲᠦ ᠰᠢᠯᠦᠭ》᠂ 《ᠣᠶ ᠤᠨ ᠲᠦᠯᠬᠢᠭᠦᠷ ᠬᠡᠮᠡᠬᠦ ᠪᠢᠴᠢᠭ》᠂ 《 ᠲᠡᠢ ᠶᠤᠸᠠᠨ ᠰᠤᠭ ᠲᠦ᠍ ᠪᠣᠭᠳᠠ ᠴᠢᠩᠭᠢᠰ ᠬᠠᠭᠠᠨ ᠤ ᠦᠨᠳᠦᠰᠦᠯᠡᠯ ᠴᠠᠳᠢᠭ ᠢ ᠲᠣᠪᠴᠢᠯᠠᠨ ᠬᠤᠷᠢᠶᠠᠵᠤ ᠥᠭᠦᠯᠡᠭᠰᠡᠨ ᠰᠤᠪᠤᠳ ᠡᠷᠢᠬᠡ ᠬᠡᠮᠡᠬᠦ》᠂ 《ᠵᠢᠪᠽᠤᠩᠳᠠᠮᠪᠠ ᠬᠤᠲᠤᠭ ᠲᠦ᠍ ᠵᠢᠨ ᠪᠤᠶᠠᠨ ᠤ ᠰᠤᠷᠭᠠᠯ ᠬᠡᠮᠡᠬᠦ ᠰᠢᠯᠦᠭ ᠣᠷᠤᠰᠢᠪᠠ》᠂ 《ᠵᠠᠷᠯᠢᠭ ᠢᠶᠠᠷ ᠰᠣᠶᠤᠷᠬᠠᠭᠰᠠᠨ ᠪᠤᠶᠠᠨ ᠢᠪᠡᠭᠴᠢ ᠰᠦᠮ᠎ᠡ ᠵᠢᠨ ᠬᠡᠭᠡᠨ ᠦ ᠠᠢᠯᠠᠳᠤᠭᠰᠠᠨ ᠬᠦᠩ ᠦᠨ ᠵᠣᠣ ᠵᠢᠨ ᠬᠡᠭᠡᠨ ᠦ ᠰᠤᠷᠭᠠᠯ ᠣᠷᠤᠰᠢᠪᠠ》 ᠮᠡᠲᠦ ᠵᠢᠨ ᠮᠣᠩᠭᠤᠯ ᠲᠡᠦᠬᠡ᠂ ᠤᠷᠠᠨ ᠵᠣᠬᠢᠶᠠᠯ ᠤᠨ ᠨᠣᠮ ᠪᠢᠴᠢᠭ .. 《ᠴᠢᠩᠭᠢᠰ ᠪᠣᠭᠳᠠ ᠵᠢᠨ ᠰᠠᠩ》᠂ 《ᠭᠠᠵᠠᠷ ᠤᠰᠤᠨ ᠢ ᠨᠣᠮᠣᠬᠠᠳᠬᠠᠭᠴᠢ ᠰᠠᠩ》 ᠭᠡᠬᠦ ᠮᠡᠲᠦ ᠵᠢᠨ ᠰᠠᠩ ᠲᠠᠬᠢᠯᠭ᠎ᠠ᠂ ᠲᠥᠯᠭᠡ ᠦᠵᠡᠯᠭᠡ᠂ ᠰᠢᠲᠦᠯᠭᠡ ᠵᠢᠨ ᠨᠣᠮ ᠪᠢᠴᠢᠭ .. 《ᠰᠢᠳᠤᠷᠭᠤ ᠨᠣᠮ ᠠᠴᠢᠯᠠᠯ ᠲᠦ᠍ ᠨᠣᠮ》᠂ 《ᠮᠣᠩᠭᠤᠯ ᠦᠰᠥᠭ ᠢᠶᠡᠷ ᠣᠷᠴᠢᠭᠤᠯ ᠤᠨ ᠲᠠᠢᠯᠤᠭᠰᠠᠨ ᠰᠠᠨ ᠽᠢ ᠵᠢᠩ ᠬᠡᠮᠡᠬᠦ ᠪᠢᠴᠢᠭ》᠂ 《ᠰᠣᠩᠭᠤᠵᠤ ᠣᠷᠴᠢᠭᠤᠯᠤᠭᠰᠠᠨ ᠯᠢᠶᠣᠣ ᠵᠠᠶ ᡁᠢ ᠢ ᠪᠢᠴᠢᠭ》᠂ 《ᠬᠤᠸᠠᠩ ᠰᠢ ᠬᠦᠩ ᠦᠨ ᠵᠣᠬᠢᠶᠠᠭᠰᠠᠨ ᠭᠤᠷᠪᠠᠨ ᠪᠣᠳᠤᠯᠭ᠎ᠠ》᠂ 《ᠭᠠᠪᠢᠶ᠎ᠠ ᠪᠦᠲᠦᠭᠡᠬᠦ ᠵᠠᠭ ᠤᠨ ᠲᠣᠭᠲᠠᠭᠠᠯ》 ᠵᠡᠷᠭᠡ ᠨᠣᠮ ᠪᠢᠴᠢᠭ ᠢ ᠮᠣᠩᠭᠤᠯᠴᠢᠯᠠᠨ ᠨᠠᠢᠷᠠᠭᠤᠯᠵᠤ ᠬᠡᠪᠯᠡᠵᠡᠢ᠃ ᠡᠲᠡᠭᠡᠷ ᠨᠣᠮ ᠪᠢᠴᠢᠭ ᠦᠳ ᠢ ᠬᠡᠰᠢᠩᠭᠡ ᠭᠣᠣᠯᠴᠢᠯᠠᠨ ᠬᠢᠨᠠᠨ ᠲᠣᠭᠲᠠᠭᠠᠵᠤ᠂ ᠵᠠᠷᠢᠮ ᠢ ᠨᠢ ᠭᠠᠷᠳᠠᠨ ᠨᠠᠢᠷᠠᠭᠤᠯᠵᠤ᠂ ᠵᠠᠷᠢᠮ ᠢ ᠨᠢ ᠪᠠᠰᠠ ᠵᠣᠬᠢᠶᠠᠵᠤ ᠣᠷᠴᠢᠭᠤᠯᠪᠠ᠃ ᠬᠡᠰᠢᠩᠭᠡ ᠪᠡᠷ 《ᠠᠩᠬᠠᠨ ᠰᠤᠷᠭᠠᠬᠤ ᠤᠯᠤᠰ ᠤᠨ ᠤᠳᠭ᠎ᠠ》 ᠨᠣᠮ ᠳᠤ ᠪᠢᠴᠢᠭᠰᠡᠨ ᠣᠷᠤᠰᠢᠯ ᠳ᠋ᠠᠭᠠᠨ ᠬᠡᠯᠡᠭᠰᠡᠨᠴᠢᠯᠡᠨ 《ᠰᠤᠷᠭᠠᠨ ᠬᠥᠮᠦᠵᠢᠭᠦᠯᠬᠦ ᠤᠭ ᠰᠠᠨᠠᠭ᠎ᠠ ᠶᠢ ᠭᠣᠣᠯ ᠪᠣᠯᠭᠠᠵᠤ᠂ ᠤᠯᠤᠰ ᠠᠷᠠᠳ ᠤᠨ ᠮᠠᠲᠠᠯ ᠤᠬᠠᠭᠠᠨ ᠢ ᠰᠡᠩᠬᠡᠷᠡᠭᠦᠯᠦᠨ ᠨᠡᠭᠡᠭᠡᠭᠳᠡᠭᠦᠯᠬᠦ ᠶᠢ ᠵᠣᠷᠢᠯᠲᠠ ᠪᠣᠯᠭᠠᠭᠰᠠᠨ ᠤ ᠲᠦ᠍ᠯᠠᠳᠠ᠂ ᠶᠣᠰᠤᠨ ᠡᠷᠳᠡᠮ ᠢ ᠬᠦᠨᠳᠦᠳᠭᠡᠬᠦ᠂ ᠤᠯᠤᠰ ᠢᠶᠠᠨ ᠬᠠᠢᠷᠠᠯᠠᠬᠤ᠂ ᠤᠭᠰᠠᠭ᠎ᠠ ᠪᠠᠨ ᠬᠠᠮᠠᠭᠠᠯᠠᠬᠤ᠂ ᠠᠰᠢᠭ ᠢ ᠪᠠᠳᠠᠷᠠᠭᠤᠯᠬᠤ ᠵᠡᠷᠭᠡ ᠵᠢᠨ ᠶᠠᠪᠤᠳᠠᠯ ᠬᠢᠴᠢᠶᠡᠯ ᠢ ᠭᠠᠷᠭᠠᠨ》 ᠮᠣᠩᠭᠤᠯ ᠦᠨᠳᠦᠰᠦᠲᠡᠨ ᠦ ᠰᠣᠶᠤᠯ ᠭᠡᠭᠡᠷᠡᠯ ᠦᠨ ᠬᠥᠭᠵᠢᠯ ᠳ᠋ᠦ᠍ ᠲᠡᠷᠡ ᠪᠣᠯ ᠤᠨ ᠲᠡᠭᠦᠨ ᠦ ᠡᠭᠦᠰᠭᠡᠨ ᠪᠠᠢᠭᠤᠯᠤᠭᠰᠠᠨ 《ᠵᠡᠭᠦᠨ ᠮᠣᠩᠭᠤᠯ ᠤ᠋ᠨ ᠪᠢᠴᠢᠭ ᠦᠨ ᠬᠣᠷᠢᠶ᠎ᠠ》 ᠨᠢᠭᠡᠨ ᠮᠥᠷᠦ ᠵᠢᠨ ᠬᠦ ᠴᠤ᠌ᠨ ᠢ ᠡᠷᠭᠦᠵᠦ ᠭᠠᠪᠢᠶ᠎ᠠ ᠵᠢᠳᠭᠦᠯ ᠭᠠᠷᠭᠠᠭᠰᠠᠨ ᠪᠠᠢᠨ᠎ᠠ᠃ ᠬᠡᠰᠢᠩᠭᠡ ( ᠲᠦᠷᠥᠭᠰᠡᠨ ᠣᠨ ᠵᠢᠯ ᠪᠠ ᠨᠠᠰᠤ ᠨᠥᠭᠴᠢᠭᠰᠡᠨ ᠣᠨ ᠵᠢᠯ ᠲᠣᠳᠣᠷᠬᠠᠶ ᠦᠬᠡᠶ ) 《ᠮᠣᠩᠭᠤᠯ ᠲᠥᠪᠡᠳ ᠦ᠋ᠨ ᠲᠦ᠍ᠯᠤᠭᠠᠨ ᠡᠳᠦᠷ ᠦᠨ ᠰᠡᠳᠭᠦᠯ》 ᠢ ᠡᠭᠦᠰᠭᠡᠨ ᠡᠷᠬᠢᠯᠡᠭᠰᠡᠨ ᠨᠠᠢᠷᠠᠭᠤᠯᠤᠭᠴᠢ᠃ ᠬᠢᠲᠠᠳ ᠨᠡᠷ᠎ᠡ ᠨᠢ ᠯᠢ ᡁᠢ ᠠᠨ᠂ ᠡᠷᠭᠦᠭᠰᠡᠨ ᠨᠡᠷ᠎ᠡ ᡁᠢ ᠨᠠᠨ᠃ ᠥᠪᠦᠷ ᠮᠣᠩᠭᠤᠯ ᠤ᠋ᠨ ᠤᠤᠯ ᠤᠨ ᠵᠣᠰᠣᠲᠦ᠍ ᠵᠢᠨ ᠴᠢᠭᠤᠯᠭᠠᠨ ᠤ ᠬᠠᠷᠠᠴᠢᠨ ᠪᠠᠷᠠᠭᠤᠨ ᠭᠠᠷ ᠤᠨ ᠬᠣᠰᠢᠭᠤᠨ ᠤ ᠬᠥᠮᠦᠨ᠃ 1923 ᠣᠨ ᠳᠤ ᠢᠷᠭᠡᠨ ᠤᠯᠤᠰ ᠤᠨ ᠠᠩᠬᠠᠳᠤᠭᠠᠷ ᠬᠤᠭᠤᠴᠠᠭᠠᠨ ᠤ ᠤᠯᠤᠰ ᠤᠨ ᠬᠤᠷᠠᠯ ᠤᠨ ᠳᠣᠣᠷᠠᠲᠦ᠍ ᠵᠥᠪᠯᠡᠯᠭᠡᠨ ᠦ᠌ ᠭᠡᠰᠢᠭᠦᠨ ᠪᠣᠯᠵᠤ᠂ ᠰᠡᠭᠦᠯᠡᠷ ᠳᠤᠮᠳᠠᠳᠤ ᠤᠯᠤᠰ ᠤᠨ ᠭᠣᠮᠢᠨᠳᠠᠩ ᠨᠠᠮ ᠳᠤ ᠣᠷᠤᠭᠠᠳ ᠭᠤᠷᠪᠠᠳᠤᠭᠠᠷ᠂ ᠳᠥᠷᠪᠡᠳᠦᠭᠡᠷ ᠬᠤᠭᠤᠴᠠᠭᠠᠨ ᠤ ᠲᠥᠪ ᠬᠣᠷᠢᠶᠠᠨ ᠤ᠋ ᠣᠷᠤᠯᠠᠭᠴᠢ ᠭᠦᠢᠴᠡᠳᠭᠡᠭᠰᠡᠨ ᠭᠡᠰᠢᠭᠦᠨ ᠦ ᠲᠤᠰᠢᠶᠠᠯ ᠬᠠᠷᠢᠭᠤᠴᠠᠪᠠ᠃ ᠤᠯᠤᠰ ᠠᠷᠠᠳ ᠤᠨ ᠵᠠᠰᠠᠭ ᠤᠨ ᠣᠷᠳᠤᠨ ᠤ᠋ ᠸᠧᠶ ᠶᠤᠸᠠᠨ ᠤ ᠬᠤᠷᠠᠯ ᠤᠨ ᠵᠥᠪᠯᠡᠭᠴᠢ᠂ ᠮᠣᠩᠭᠤᠯ ᠲᠥᠪᠡᠳ ᠦ᠋ᠨ ᠬᠡᠷᠡᠭ ᠶᠠᠪᠤᠳᠠᠯ ᠢ ᠰᠢᠳᠬᠡᠬᠦ ᠸᠧᠶ ᠶᠤᠸᠠᠨ ᠤ ᠬᠤᠷᠠᠯ ᠤᠨ ᠮᠣᠩᠭᠤᠯ ᠤ᠋ᠨ ᠬᠡᠷᠡᠭ ᠶᠠᠪᠤᠳᠠᠯ ᠢ ᠰᠢᠳᠬᠡᠬᠦ ᠭᠠᠵᠠᠷ ᠤᠨ ᠳᠠᠷᠤᠭ᠎ᠠ᠂ ᠮᠣᠩᠭᠤᠯ ᠲᠥᠪᠡᠳ ᠦ᠋ᠨ ᠬᠡᠷᠡᠭ ᠶᠠᠪᠤᠳᠠᠯ ᠢ ᠰᠢᠳᠬᠡᠬᠦ ᠸᠧᠶ ᠶᠤᠸᠠᠨ ᠤ ᠬᠤᠷᠠᠯ ᠤᠨ ᠭᠡᠰᠢᠭᠦᠨ᠂ ᠪᠠᠢᠩᠭᠤ ᠵᠢᠨ ᠭᠡᠰᠢᠭᠦᠨ᠂ ᠮᠣᠩᠭᠤᠯ ᠤ᠋ᠨ ᠭᠠᠵᠠᠷ ᠣᠷᠤᠨ ᠢ᠋ ᠥᠪᠡᠰᠦᠪᠡᠨ ᠵᠠᠰᠠᠬᠤ ᠵᠠᠰᠠᠭ ᠤᠨ ᠶᠠᠪᠤᠳᠠᠯ ᠤᠨ ᠸᠧᠶ ᠶᠤᠸᠠᠨ ᠤ ᠬᠤᠷᠠᠯ ᠤᠨ ᠭᠡᠰᠢᠭᠦᠨ᠂ ᠸᠠᠩ ᠵᠢᠩ ᠸᠧᠶ ᠵᠢᠨ ᠤᠯᠤᠰ ᠠᠷᠠᠳ ᠤᠨ ᠵᠠᠰᠠᠭ ᠤᠨ ᠣᠷᠳᠤᠨ ᠤ᠋ ᠳᠣᠲᠤᠭᠠᠳᠤ ᠵᠠᠰᠠᠭ ᠤᠨ ᠵᠤᠷᠭᠠᠨ ᠤ ᠵᠥᠪᠯᠡᠭᠴᠢ ᠭᠡᠰᠢᠭᠦᠨ᠂ ᠤᠯᠤᠰ ᠠᠷᠠᠳ ᠤᠨ ᠵᠠᠰᠠᠭ ᠤᠨ ᠣᠷᠳᠤᠨ ᠤ᠋ ᠸᠧᠶ ᠶᠤᠸᠠᠨ ᠤ ᠬᠤᠷᠠᠯ ᠤᠨ ᠵᠠᠰᠠᠭ ᠤᠨ ᠶᠠᠪᠤᠳᠠᠯ ᠤᠨ ᠼᠠᠨᠽᠠᠨ᠂ ᠤᠯᠤᠰ ᠠᠷᠠᠳ ᠤᠨ ᠵᠠᠰᠠᠭ ᠤᠨ ᠣᠷᠳᠤᠨ ᠤ᠋ ᠸᠧᠶ ᠶᠤᠸᠠᠨ ᠤ ᠬᠤᠷᠠᠯ ᠤᠨ ᠭᠡᠰᠢᠭᠦᠨ ᠵᠡᠷᠭᠡ ᠲᠤᠰᠢᠶᠠᠯ ᠬᠠᠷᠢᠭᠤᠴᠠᠵᠠᠶ᠃ ᠨᠠᠰᠤᠨ ᠲᠦ᠍ᠷᠰᠢᠳᠠ ᠪᠠᠨ ᠵᠠᠰᠠᠭ ᠲᠦᠷᠥ ᠵᠢᠨ ᠠᠵᠢᠯ ᠳᠤ ᠣᠷᠤᠯᠴᠠᠭᠰᠠᠨ ᠪᠣᠯᠪᠠ ᠴᠤ᠌ ᠪᠠᠰᠠ ᠵᠠᠷᠢᠮ ᠰᠣᠶᠤᠯ ᠤ᠋ᠨ ᠠᠵᠢᠯ ᠳᠤ ᠣᠷᠤᠯᠴᠠᠵᠤ ᠥᠩᠭᠡᠷᠡᠵᠡᠢ᠃ ᠭᠣᠮᠢᠨᠳᠠᠩ ᠨᠠᠮ ᠤᠨ ᠲᠥᠪ ᠦ᠋ᠨ ᠤᠯᠠᠮᠵᠢᠯᠠᠨ ᠳᠡᠯᠭᠡᠷᠡᠭᠦᠯᠬᠦ ᠵᠤᠷᠭᠠᠨ ᠤ 《ᠮᠣᠩᠭᠤᠯ ᠲᠥᠪᠡᠳ ᠦ᠋ᠨ ᠲᠦ᠍ᠯᠤᠭᠠᠨ ᠡᠳᠦᠷ ᠦᠨ ᠰᠡᠳᠭᠦᠯ》 ᠦᠨ ᠬᠣᠷᠢᠶ᠎ᠠ᠂ 《ᠮᠣᠩᠭᠤᠯ ᠲᠥᠪᠡᠳ ᠦ᠋ᠨ ᠠᠷᠪᠠᠨ ᠡᠳᠦᠷ ᠦᠨ ᠰᠡᠳᠭᠦᠯ》 ᠦᠨ ᠬᠣᠷᠢᠶ᠎ᠠ ᠵᠢᠨ ᠳᠠᠷᠤᠭ᠎ᠠ ᠵᠢᠨ ᠲᠤᠰᠢᠶᠠᠯ ᠢ ᠬᠠᠷᠢᠭᠤᠴᠠᠵᠤ ᠥᠩᠭᠡᠷᠡᠪᠡ᠃ ᠮᠣᠩᠭᠤᠯ ᠬᠣᠷᠭᠤᠯᠵᠢᠨ ᠦᠰᠥᠭ ᠢ ᠰᠤᠳᠤᠯ ᠤᠨ ᠵᠣᠬᠢᠶᠠᠬᠤ ᠳᠤ ᠣᠷᠤᠯᠴᠠᠵᠤ᠂ 《ᠮᠣᠩᠭᠤᠯ ᠤ᠋ᠨ ᠤᠳᠤᠮ ᠤᠭᠰᠠᠭ᠎ᠠ ᠵᠢᠨ ᠬᠦᠰᠦᠨᠦᠭᠲᠦ》 ᠶᠢ ᠨᠠᠢᠷᠠᠭᠤᠯ ᠤᠨ ᠵᠣᠬᠢᠶᠠᠵᠤ᠂ ᠮᠣᠩᠭᠤᠯ ᠲᠥᠪᠡᠳ ᠦ᠋ᠨ ᠠᠰᠠᠭᠤᠳᠠᠯ ᠤᠨ ᠲᠤᠰᠭᠠᠢ ᠤᠯᠤᠰ ᠲᠦᠷᠥ ᠵᠢᠨ ᠥᠭᠦᠯᠡᠯ ᠵᠣᠬᠢᠶᠠᠯ ᠤᠳ ᠢ ᠪᠢᠴᠢᠵᠦ ᠨᠡᠢᠲᠡᠯᠡᠭᠦᠯᠵᠡᠢ᠃ ( ᠲᠦᠢᠮᠡᠷ )
Copyight 2016 by nmgmzw.gov.cn All Rights Reserved