ᠨᠡᠷ᠎ᠡ:
ᠬᠠᠷᠠᠪᠠᠷᠰ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠬᠠᠷᠠᠪᠠᠷᠰ ( 1918~ 1993 ) ᠳᠡᠭᠡᠳᠦ ᠵᠡᠷᠭᠡ ᠵᠢᠨ ᠨᠠᠢᠷᠠᠭᠤᠯᠤᠭᠴᠢ᠃ ᠥᠪᠦᠷ ᠮᠣᠩᠭᠤᠯ ᠤ᠋ᠨ ᠵᠠᠯᠠᠢᠳ ᠬᠣᠰᠢᠭᠤᠨ ᠤ ᠬᠥᠮᠦᠨ᠃ 1940 ᠣᠨ ᠳᠤ ᠸᠠᠩ ᠤᠨ ᠰᠦᠮ᠎ᠡ 《ᠣᠳᠣᠬᠢ ᠤᠯᠠᠭᠠᠨᠬᠣᠲᠠ ) ᠳ᠋ᠠᠺᠢ ᠬᠢᠩᠭᠠᠨ ᠳᠡᠭᠡᠳᠦ ᠰᠤᠷᠭᠠᠭᠤᠯᠢ ᠠᠴᠠ ᠲᠡᠭᠦᠰ ᠴᠤ᠌᠂ ᠰᠤᠷᠭᠠᠭᠤᠯᠢ ᠳᠠᠭᠠᠨ ᠦᠯᠡᠳᠡᠵᠦ ᠪᠠᠭᠰᠢᠯᠠᠪᠠ᠃ 1945 ᠣᠨ ᠤ 10 ᠳ᠋ᠤᠭᠠᠷ ᠰᠠᠷ᠎ᠠ ᠠᠴᠠ 1946 ᠣᠨ ᠤ 5 ᠳ᠋ᠤᠭᠠᠷ ᠰᠠᠷ᠎ᠠ ᠬᠦᠷᠲᠡᠯ᠎ᠡ ᠵᠠᠯᠠᠢᠳ ᠬᠣᠰᠢᠭᠤᠨ ᠳᠤ ᠤᠬᠠᠭᠤᠯᠬᠤ ᠠᠵᠢᠯ ᠬᠢᠵᠦ᠂ ᠵᠡᠭᠦᠨ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠤᠨ ᠤ᠋ ᠳᠡᠭᠡᠳᠦ ᠰᠢᠭᠦᠬᠦ ᠬᠣᠷᠢᠶᠠᠨ ᠤ᠋ ᠶᠡᠷᠦᠩᠬᠡᠶ ᠶᠠᠪᠤᠳᠠᠯ ᠤᠨ ᠰᠠᠯᠠᠭᠠᠨ ᠳᠠᠷᠤᠭ᠎ᠠ ᠪᠥᠭᠡᠳ ᠪᠢᠴᠢᠭᠡᠴᠢ᠂ ᠵᠡᠭᠦᠨ ᠮᠣᠩᠭᠤᠯ ᠤ᠋ᠨ ᠵᠠᠰᠠᠭ ᠤᠨ ᠣᠷᠳᠤᠨ ᠤ᠋ ᠪᠠᠭᠰᠢ ᠵᠢᠨ ᠰᠤᠷᠭᠠᠭᠤᠯᠢ ᠵᠢᠨ ᠪᠠᠭᠰᠢ ᠪᠠᠢᠪᠠ᠃ 1946 ᠣᠨ ᠤ 6 ᠳ᠋ᠤᠭᠠᠷ ᠰᠠᠷ᠎ᠠ ᠠᠴᠠ 1948 ᠣᠨ ᠤ 7 ᠳ᠋ᠤᠭᠠᠷ ᠰᠠᠷ᠎ᠠ ᠬᠦᠷᠲᠡᠯ᠎ᠡ ᠵᠣᠣ ᠤᠳᠠ ᠠᠢᠮᠠᠭ ᠤᠨ ᠠᠷᠤ ᠬᠣᠷᠴᠢᠨ ᠬᠣᠰᠢᠭᠤᠨ ᠤ ᠣᠯᠠᠨ ᠲᠦᠮᠡᠨ ᠦ ᠠᠵᠢᠯ ᠤᠨ ᠠᠩᠭᠢ᠂ ᠬᠣᠰᠢᠭᠤᠨ ᠤ ᠨᠠᠷᠢᠨ ᠪᠢᠴᠢᠭ ᠦᠨ ᠳᠠᠷᠤᠭ᠎ᠠ᠂ 《ᠳᠣᠲᠤᠭᠠᠳᠤ ᠮᠣᠩᠭᠤᠯ ᠤ᠋ᠨ ᠥᠪᠡᠷᠲᠡᠭᠡᠨ ᠵᠠᠰᠠᠬᠤ ᠬᠥᠲᠦᠯᠪᠦᠷᠢ ᠵᠢᠨ ᠬᠣᠯᠪᠤᠭᠠᠨ ᠲᠦ᠍ ᠬᠤᠷᠠᠯ》 ᠤᠨ ᠠᠷᠤ ᠬᠣᠷᠴᠢᠨ ᠬᠣᠰᠢᠭᠤᠨ ᠤ ᠰᠠᠯᠪᠤᠷᠢ ᠬᠤᠷᠠᠯ ᠤᠨ ᠳᠡᠳ᠋ ᠡᠷᠬᠢᠯᠡᠭᠴᠢ᠂ ᠠᠷᠤ ᠬᠣᠷᠴᠢᠨ ᠬᠣᠰᠢᠭᠤᠨ ᠤ ᠭᠠᠵᠠᠷ ᠲᠠᠷᠢᠶᠠᠨ ᠤ ᠥᠭᠡᠷᠡᠴᠢᠯᠡᠯᠲᠡ ᠵᠢᠨ ᠠᠵᠢᠯᠯᠠᠬᠤ ᠠᠩᠭᠢ ᠵᠢᠨ ᠠᠵᠢᠯᠯᠠᠬᠤ ᠳᠡᠳ᠋ ᠳᠠᠷᠤᠭ᠎ᠠ ᠵᠡᠷᠭᠡ ᠲᠤᠰᠢᠶᠠᠯ ᠬᠠᠷᠢᠭᠤᠵᠠᠪᠠ᠃ 1947 ᠣᠨ ᠤ 10 ᠳ᠋ᠤᠭᠠᠷ ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠤᠪᠠ᠃ 1948 ᠣᠨ ᠤ 8 ᠳ᠋ᠤᠭᠠᠷ ᠰᠠᠷ᠎ᠠ ᠠᠴᠠ 1949 ᠣᠨ ᠤ ᠡ ᠴᠤ᠌ᠰ ᠬᠦᠷᠲᠡᠯ᠎ᠡ ᠵᠣᠣ ᠤᠳᠠ ᠠᠢᠮᠠᠭ ᠤᠨ 《 ᠮᠠᠯᠴᠢᠨ ᠲᠠᠷᠢᠶᠠᠴᠢᠨ ᠰᠣᠨᠢᠨ》 ᠤ ᠮᠣᠩᠭᠤᠯ ᠬᠡᠪᠯᠡᠯ ᠦᠨ ᠡᠭᠦᠰᠭᠡᠨ ᠡᠷᠬᠢᠯᠡᠬᠦ ᠠᠵᠢᠯ ᠳᠤ ᠭᠣᠣᠯᠴᠢᠯᠠᠨ ᠣᠷᠤᠯᠴᠠᠵᠤ᠂ ᠮᠣᠩᠭᠤᠯ ᠨᠠᠢᠷᠠᠭᠤᠯᠬᠤ ᠰᠠᠯᠠᠭ᠎ᠠ ᠵᠢᠨ ᠰᠠᠯᠠᠭᠠᠨ ᠳᠠᠷᠤᠭ᠎ᠠ ᠪᠣᠯᠪᠠ᠃ ᠡᠨᠡ ᠬᠤᠭᠤᠴᠠᠭᠠᠨ ᠳᠤ ᠥᠪᠦᠷ ᠮᠣᠩᠭᠤᠯ ᠤ᠋ᠨ ᠨᠠᠮ ᠤᠨ ᠰᠤᠷᠭᠠᠭᠤᠯᠢ ᠳᠤ ᠬᠠᠭᠠᠰ ᠵᠢᠯ ᠰᠤᠷᠤᠯᠴᠠᠪᠠ᠃ 1949 ᠣᠨ ᠤ 12 ᠳ᠋ᠤᠭᠠᠷ ᠰᠠᠷ᠎ᠠ ᠠᠴᠠ 1950 ᠣᠨ ᠤ Ll ᠳ᠋ᠦ᠍ᠭᠡᠷ ᠰᠠᠷ᠎ᠠ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠵᠡᠭᠦᠨ ᠣᠷᠤᠨ ᠤ᠋ ᠬᠡᠪᠯᠡᠯ ᠦᠨ ᠮᠣᠩᠭᠤᠯ ᠨᠠᠢᠷᠠᠭᠤᠯᠬᠤ ᠲᠠᠰᠤᠭ ᠤᠨ ᠡᠷᠬᠢᠯᠡᠭᠴᠢ ᠪᠣᠯᠵᠤ᠂ 1950 ᠣᠨ ᠤ 1 l ᠳ᠋ᠦ᠍ᠭᠡᠷ ᠰᠠᠷ᠎ᠠ ᠠᠴᠠ 1957 ᠣᠨ ᠤ 6 ᠳ᠋ᠤᠭᠠᠷ ᠰᠠᠷ᠎ᠠ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠮᠣᠩᠭᠤᠯ ᠨᠠᠢᠷᠠᠭᠤᠯᠬᠤ ᠬᠡᠯᠲᠡᠰ ᠦᠨ ᠣᠷᠤᠨ ᠨᠤᠲᠤᠭ ᠤᠨ ᠳᠡᠳ᠋ ᠳᠠᠷᠤᠭ᠎ᠠ᠂ ᠮᠣᠩᠭᠤᠯ ᠨᠠᠢᠷᠠᠭᠤᠯᠬᠤ ᠬᠡᠯᠲᠡᠰ ᠦᠨ ᠶᠡᠷᠦᠩᠬᠡᠶ ᠨᠠᠢᠷᠠᠭᠤᠯᠤᠭᠴᠢ ᠵᠢᠨ ᠠᠯᠪᠠᠨ ᠬᠡᠷ ᠦᠨ ᠡᠷᠬᠢᠯᠡᠭᠴᠢ ᠵᠢᠨ ᠲᠤᠰᠢᠶᠠᠯ ᠬᠠᠷᠢᠭᠤᠴᠠᠪᠠ᠃ 1957 ᠣᠨ ᠤ 6 ᠳ᠋ᠤᠭᠠᠷ ᠰᠠᠷ᠎ᠠ ᠠᠴᠠ 1963 ᠣᠨ ᠤ 7 ᠰᠠᠷ᠎ᠠ ᠬᠦᠷᠲᠡᠯ᠎ᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠠᠶᠠᠨᠨᠠᠭᠤᠷ ᠠᠢᠮᠠᠭ ᠤᠨ ᠬᠣᠷᠢᠶᠠᠨ ᠤ᠋ ᠤᠬᠠᠭᠤᠯᠬᠤ ᠬᠡᠯᠲᠡᠰ ᠦᠨ ᠳᠡᠳ᠋ ᠳᠠᠷᠤᠭ᠎ᠠ ᠵᠢᠨ ᠲᠤᠰᠢᠶᠠᠯ ᠳᠤ ᠭᠠᠷ ᠴᠤ᠌᠂ 《ᠪᠠᠶᠠᠨᠨᠠᠭᠤᠷ ᠤᠨ ᠰᠣᠨᠢᠨ》 ᠤ ᠮᠣᠩᠭᠤᠯ ᠬᠢᠲᠠᠳ ᠬᠡᠪᠯᠡᠯ ᠦᠨ ᠬᠡᠪᠯᠡᠯ ᠡᠭᠦᠰᠭᠡᠬᠦ ᠠᠵᠢᠯ ᠢ ᠭᠠᠷᠳᠠᠨ ᠬᠢᠵᠦ᠂ ᠲᠤᠰ ᠰᠣᠨᠢᠨ ᠤ ᠨᠠᠮ ᠤᠨ ᠤᠳᠤᠷᠢᠳᠬᠤ ᠳᠡᠳ᠋ᠳᠠᠷᠤᠭ᠎ᠠ᠂ ᠰᠣᠨᠢᠨ ᠤ ᠬᠣᠷᠢᠶᠠᠨ ᠤ᠋ ᠬᠣᠷᠢᠶᠠᠨ ᠳᠠᠷᠤᠭ᠎ᠠ ᠪᠣᠯᠪᠠ᠃ 1963 ᠣᠨ ᠤ 8 ᠳ᠋ᠤᠭᠠᠷ ᠰᠠᠷ᠎ᠠ ᠠᠴᠠ 1988 ᠣᠨ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠮᠣᠩᠭᠤᠯ ᠨᠠᠢᠷᠠᠭᠤᠯᠬᠤ ᠬᠡᠯᠲᠡᠰ ᠦᠨ ᠠᠵᠤ ᠠᠬᠤᠶ ᠵᠢᠨ ᠬᠡᠯᠲᠡᠰ ᠦᠨ ᠡᠷᠬᠢᠯᠡᠭᠴᠢ᠂ ᠠᠯᠪᠠᠨ ᠬᠡᠷ ᠦᠨ ᠡᠷᠬᠢᠯᠡᠭᠴᠢ᠂ ᠨᠠᠮ ᠤᠨ ᠤᠳᠤᠷᠢᠳᠬᠤ ᠳᠡᠳ᠋ ᠪᠦᠷᠢᠯᠳᠦᠬᠦᠨ᠂ ᠳᠡᠳ᠋ ᠬᠣᠷᠢᠶᠠᠨ ᠳᠠᠷᠤᠭ᠎ᠠ᠂ ᠨᠠᠮ ᠤᠨ ᠬᠣᠷᠢᠶᠠᠨ ᠤ᠋ ᠭᠡᠰᠢᠭᠦᠨ ᠵᠡᠷᠭᠡ ᠲᠤᠰᠢᠶᠠᠯ ᠲᠠᠢ ᠠᠵᠢᠯᠯᠠᠪᠠ᠃ ᠳᠥᠴᠢ ᠰᠢᠬᠠᠮ ᠵᠢᠯ ᠳᠦ ᠮᠣᠩᠭᠤᠯ ᠰᠣᠨᠢᠨ ᠤ ᠪᠠᠢᠭᠤᠯᠤᠮᠵᠢ ᠵᠢᠨ ᠪᠦᠲᠦᠭᠡᠨ ᠪᠠᠢᠭᠤᠯᠤᠯᠲᠠ ᠶᠢ ᠲᠡᠭᠦᠯᠳᠡᠷᠵᠢᠭᠦᠯᠬᠦ᠂ ᠰᠤᠷᠪᠤᠯᠵᠢᠯᠠᠭᠴᠢ ᠨᠠᠢᠷᠠᠭᠤᠯᠤᠭᠴᠢ ᠵᠢᠨ ᠡᠩᠨᠡᠭᠡ ᠶᠢ ᠪᠦᠷᠢᠯᠳᠦᠭᠦᠯᠵᠦ᠂ ᠬᠡᠪ ᠴᠢᠨᠠᠷ ᠢ ᠳᠡᠭᠡᠭᠰᠢᠯᠡᠭᠦᠯᠬᠦ᠂ ᠨᠠᠢᠷᠠᠭᠤᠯᠬᠤ ᠴᠢᠭᠯᠡᠯᠲᠡ ᠶᠢ ᠪᠣᠯᠪᠠᠰᠤᠷᠠᠭᠤᠯ ᠤᠨ ᠲᠣᠭᠲᠠᠭᠠᠬᠤ ᠪᠠ ᠪᠣᠳᠠᠲᠠᠶ ᠤᠬᠠᠭᠤᠯᠬᠤ ᠠᠵᠢᠯ ᠳᠤ ᠢᠳᠡᠪᠬᠢᠲᠡᠶ ᠬᠤᠪᠢ ᠨᠡᠮᠡᠷᠢ ᠪᠡᠨ ᠦᠵᠡᠭᠦᠯᠪᠡ᠃ ᠦᠷᠭᠦᠯᠵᠢ ᠬᠥᠳᠡᠭᠡ ᠲᠣᠰᠭᠤᠨ ᠮᠠᠯᠵᠢᠬᠤ ᠣᠷᠤᠨ ᠢ᠋ᠶ᠋ᠠᠷ ᠪᠠᠭᠤᠵᠤ ᠪᠠᠢᠴᠠᠭᠠᠨ ᠰᠤᠳᠤᠯᠤᠯᠲᠠ ᠬᠢᠳᠡᠭ ᠪᠥᠭᠡᠳ ᠥᠪᠡᠰᠦᠪᠡᠨ ᠭᠠᠷ ᠬᠥᠳᠡᠯᠵᠦ ᠬᠣᠷᠢᠶᠠᠨ ᠤ᠋ ᠥᠭᠦᠯᠡᠯ᠂ ᠰᠢᠭᠦᠮᠵᠢ᠂ ᠴᠢᠮᠡᠭᠡᠯᠡᠯ᠂ ᠨᠠᠢᠷᠠᠭᠤᠯᠤᠯ ᠪᠠ ᠪᠠᠢᠴᠠᠭᠠᠯᠲᠠ ᠵᠢᠨ ᠮᠡᠳᠡᠭᠦᠯᠦᠯᠲᠡ ᠪᠢᠴᠢᠳᠡᠭ᠃ ᠭᠣᠣᠯ ᠪᠦᠲᠦᠭᠡᠯ ᠦᠳ ᠲᠦ᠄ 《ᠮᠠᠯ ᠬᠠᠷᠢᠭᠤᠯᠬᠤ ᠠᠵᠢᠯ ᠢ ᠬᠦ ᠴᠤ᠌ ᠲᠡᠢ ᠪᠣᠯᠭᠠᠵᠤ ᠮᠠᠯ ᠳᠤ ᠲᠠᠷᠭᠤ ᠰᠠᠵᠢᠨ ᠠᠪᠤᠭᠤᠯᠤᠶᠠ》 ᠭᠡᠬᠦ ᠬᠣᠷᠢᠶᠠᠨ ᠤ᠋ ᠥᠭᠦᠯᠡᠯ ( 1956 ᠣᠨ )᠂ 《ᠨᠤᠲᠤᠭ ᠪᠡᠯᠴᠢᠭᠡᠷ ᠢ ᠤᠯᠠᠮ ᠵᠦᠶ ᠵᠣᠬᠢᠰᠲᠠᠶ ᠠᠰᠢᠭᠯᠠᠰᠤᠭᠠᠢ》 ᠭᠡᠬᠦ ᠰᠢᠭᠦᠮᠵᠢ ( 1964 ᠣᠨ )᠂ 《ᠨᠤᠲᠤᠭ ᠪᠡᠯᠴᠢᠭᠡᠷ ᠢ ᠪᠦᠲᠦᠭᠡᠨ ᠪᠠᠢᠭᠤᠯᠬᠤ ᠨᠢᠭᠡᠨ ᠰᠠᠵᠢᠨ ᠬᠡᠯᠪᠡᠷᠢ —— ᠪᠠᠭᠠᠷᠢᠨ ᠪᠠᠷᠠᠭᠤᠨ ᠬᠣᠰᠢᠭᠤᠨ ᠤ ᠡᠷᠦᠬᠡ ᠬᠣᠯᠪᠤᠭᠠᠯᠠᠨ ᠡᠪᠡᠰᠦᠨ ᠬᠦᠷᠢᠶ᠎ᠡ ᠪᠠᠢᠭᠤᠯᠤᠭᠰᠠᠨ ᠲᠤᠰᠭᠠᠢ ᠪᠠᠢᠴᠠᠭᠠᠯᠲᠠ》 ᠭᠡᠬᠦ ᠪᠠᠢᠴᠠᠭᠠᠯᠲᠠ ᠵᠢᠨ ᠮᠡᠳᠡᠭᠦᠯᠦᠯᠲᠡ 《1982 ᠣᠨ )᠂ 《ᠬᠠᠢᠷᠠᠯᠠᠯᠲᠠᠶ ᠠᠭᠤᠯᠠ ᠤᠰᠤ ᠳᠤᠷᠠᠰᠤᠯᠲᠠᠶ ᠠᠷᠠᠳ ᠲᠦᠮᠡᠨ》 ᠭᠡᠬᠦ ᠨᠠᠢᠷᠠᠭᠤᠯᠤᠯ 《1982 ᠣᠨ ) ᠵᠡᠷᠭᠡ ᠪᠣᠶ᠃ ᠣᠷᠴᠢᠭᠤᠯᠭ᠎ᠠ ᠵᠢᠨ ᠪᠦᠲᠦᠭᠡᠯ 《ᠬᠥᠳᠡᠭᠡ ᠲᠣᠰᠭᠤᠨ ᠤ᠋ ᠲᠦᠷᠥ ᠵᠢᠨ ᠪᠣᠳᠤᠯᠭ᠎ᠠ》 ᠭᠡᠬᠦ ᠨᠣᠮ ᠢ ᠨᠢ 1957 ᠣᠨ ᠳᠤ ᠦᠨᠳᠦᠰᠦᠲᠡᠨ ᠦ ᠬᠡᠪᠯᠡᠯ ᠦᠨ ᠬᠣᠷᠢᠶ᠎ᠠ ᠠᠴᠠ ᠬᠡᠪᠯᠡᠭᠦᠯᠪᠡ᠃
Copyight 2016 by nmgmzw.gov.cn All Rights Reserved