ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬᠠᠰᠪᠠᠷᠰ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬᠠᠰᠪᠠᠷᠰ ( 1933~ ) ᠳᠡᠭᠡᠳᠦ ᠵᠡᠷᠭᠡ  ᠵᠢᠨ ᠨᠠᠢᠷᠠᠭᠤᠯᠤᠭᠴᠢ᠂ ᠬᠡᠦᠬᠡᠳ ᠦ᠋ᠨ ᠵᠣᠬᠢᠶᠠᠯᠴᠢ᠃ ᠥᠪᠦᠷ ᠮᠣᠩᠭᠤᠯ ᠤ᠋ᠨ ᠵᠢᠷᠢᠮ ᠠᠢᠮᠠᠭ  ᠤᠨ ᠬᠣᠷᠴᠢᠨ ᠭᠠᠷ ᠤᠨ ᠬᠣᠢᠲᠤ ᠬᠣᠰᠢᠭᠤᠨ  ᠳᠤ ᠲᠥᠷᠦᠵᠡᠢ᠃ ᠬᠡᠷ ᠶᠠᠳᠠᠭᠤ ᠤᠴᠢᠷ ᠪᠠᠭ᠎ᠠ ᠳᠠᠭᠠᠨ ᠲᠠᠪᠤᠬᠠᠨ ᠵᠢᠯ ᠪᠢᠴᠢᠭ ᠦᠵᠡᠵᠦ 1950 ᠣᠨ ᠳᠤ ᠬᠤᠪᠢᠰᠭᠠᠯ ᠤ᠋ᠨ ᠠᠵᠢᠯ ᠳᠤ ᠣᠷᠤᠵᠤ᠂ᠣᠷᠤᠨ ᠨᠤᠲᠤᠭ ᠲᠠᠭᠠᠨ ᠵᠠᠯᠠᠭᠤ ᠴᠤ᠌ᠳ  ᠤᠨ ᠡᠪᠯᠡᠯ ᠦᠨ ᠺᠠᠲᠠᠷ ᠪᠣᠯᠵᠠᠢ᠃ ᠰᠣᠨᠢᠨ᠂ ᠰᠡᠳᠭᠦᠯ᠂ ᠷᠠᠳᠢᠣ᠋ ᠳᠤ ᠡᠬᠡ ᠪᠢᠴᠢᠭ ᠣᠯᠠᠨ ᠪᠢᠴᠢᠳᠡᠭ ᠢᠶᠡᠷ ᠢᠶᠡᠨ ᠲᠠᠨᠢᠭᠳᠠᠵᠤ᠂ 1953 ᠣᠨ ᠳᠤ ᠬᠥᠬᠡᠬᠣᠲᠠ ᠳᠦ ᠠᠵᠢᠯ ᠰᠢᠯᠵᠢᠨ ᠥᠪᠦᠷ ᠮᠣᠩᠭᠤᠯ ᠤ᠋ᠨ ᠵᠠᠯᠠᠭᠤ ᠴᠤ᠌ᠳ  ᠤᠨ ᠰᠣᠨᠢᠨ ᠤ ᠬᠣᠷᠢᠶ᠎ᠠ ᠳᠤ ᠠᠵᠢᠯᠯᠠᠪᠠ᠃ ᠲᠤᠰ ᠵᠢᠯ ᠳᠦᠨᠢ 《ᠥᠪᠦᠷ ᠮᠣᠩᠭᠤᠯ ᠤ᠋ᠨ ᠵᠠᠯᠠᠭᠤ ᠴᠤ᠌ᠳ》 ᠰᠡᠳᠭᠦᠯ ᠬᠡᠪᠯᠡᠯ ᠡᠬᠢᠯᠡᠬᠦ ᠳᠦ ᠤᠤᠭᠠᠨ ᠨᠠᠢᠷᠠᠭᠤᠯᠤᠭᠴᠢ  ᠵᠢᠨ ᠨᠢᠭᠡ ᠨᠢ ᠪᠣᠯᠵᠤ ᠪᠢᠯᠡ᠃ ᠳᠠᠷᠠᠭ᠎ᠠ ᠨᠢ 1962 ᠣᠨ ᠳᠤ 《ᠴᠣᠮᠣᠷᠯᠢᠭ》 ᠰᠡᠳᠭᠦᠯ ᠦ᠋ᠨ ᠨᠠᠢᠷᠠᠭᠤᠯᠬᠤ ᠺᠣᠮᠢᠰ  ᠤᠨ ᠭᠡᠰᠢᠭᠦᠨ ᠪᠣᠯᠵᠤ 1970 ᠣᠨ ᠬᠦᠷᠲᠡᠯ᠎ᠡ ᠠᠵᠢᠯᠯᠠᠵᠠᠶ᠃ ᠵᠠᠯᠠᠭᠤ ᠴᠤ᠌ᠳ ᠪᠠᠭᠠ ᠴᠤ᠌ᠳ  ᠤᠨ ᠰᠡᠳᠭᠦᠯ ᠳ᠋ᠦ᠍ l 7 ᠵᠢᠯ ᠠᠵᠢᠯᠯᠠᠬᠤ ᠳᠠᠭᠠᠨ ᠡᠬᠡ ᠪᠢᠴᠢᠭ ᠲᠦᠯᠥᠪᠵᠢᠭᠦᠯᠬᠦ᠂ ᠵᠣᠬᠢᠶᠠᠨ ᠪᠠᠢᠭᠤᠯᠬᠤ᠂ ᠰᠢᠯᠢᠵᠦ ᠰᠣᠩᠭᠤᠬᠤ᠂ ᠨᠠᠢᠷᠠᠭᠤᠯᠵᠤ ᠪᠢᠴᠢᠬᠦ ᠪᠠ ᠬᠡᠪ ᠵᠢᠷᠤᠬᠤ᠂ ᠦᠰᠥᠭ ᠬᠠᠷᠭᠤᠭᠤᠯᠬᠤ᠂ ᠬᠡᠪᠯᠡᠵᠦ ᠲᠠᠷᠬᠠᠭᠠᠬᠤ ᠭᠡᠬᠦ ᠮᠡᠲᠦ ᠨᠠᠢᠷᠠᠭᠤᠯᠭ᠎ᠠ  ᠵᠢᠨ ᠮᠡᠷᠭᠡᠰᠢᠯ ᠢ ᠪᠦᠬᠥ ᠲᠠᠯ᠎ᠠ ᠪᠠᠷ ᠡᠵᠡᠮᠰᠢᠭᠰᠡᠨ ᠪᠥᠭᠡᠳ ᠰᠤᠷᠪᠤᠯᠵᠢᠯᠠᠭ᠎ᠠ  ᠵᠢᠨ ᠡᠭᠦᠷᠭᠡ ᠭᠦᠢᠴᠡᠳᠭᠡᠵᠦ ᠥᠪᠦᠷ ᠮᠣᠩᠭᠤᠯ ᠤ᠋ᠨ ᠮᠠᠯᠵᠢᠬᠤ ᠣᠷᠤᠨ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠤᠨ ᠨᠤᠭᠤᠳ ᠢ᠋ᠶ᠋ᠠᠷ ᠶᠠᠪᠤᠵᠤ 《 ᠪᠠᠶᠠᠨᠰᠦ᠋ᠮᠪᠦᠷ  ᠤᠨ ᠪᠠᠷᠠᠭᠤᠨ ᠬᠣᠢᠨᠠᠬᠢ ᠨᠢᠭᠡᠨ ᠬᠤᠳᠳᠤᠭ》᠂ 《ᠬᠠᠪᠰᠤᠷᠤᠯ  ᠤᠨ ᠬᠡᠦᠬᠡᠳ》᠂ 《ᠬᠣᠷᠰᠢᠶ᠎ᠠ ᠪᠠᠷ ᠶᠠᠪᠤᠭᠰᠠᠨ ᠲᠡᠮᠳᠡᠭᠯᠡᠯ》᠂ 《 ᠴᠤ᠌ᠭ ᠥᠨᠳᠦᠷ ᠦ᠋ᠨ ᠠᠷᠤ ᠳᠤ》᠂ 《ᠦᠵᠡᠭᠦᠷ ᠠᠭᠤᠯᠠ  ᠵᠢᠨ ᠡᠩᠭᠡᠷ ᠲᠦ》᠂ 《ᠲᠠᠯ᠎ᠠ ᠨᠤᠲᠤᠭ  ᠤᠨ ᠥᠷᠯᠦᠭ ᠬᠥᠮᠦᠨ ᠦ᠌ ᠲᠥᠯᠦᠭᠡ》᠂ 《ᠨᠠᠮ  ᠤᠨ ᠡᠭᠦᠷ ᠦᠨ ᠱᠦᠵᠢ ᠨᠠᠪᠴᠢ》᠂ 《ᠠᠷᠭᠠᠯ  ᠤᠨ ᠵᠠᠮ》᠂ 《ᠪᠠᠷᠢᠭᠠᠳᠠ  ᠵᠢᠨ ᠰᠠᠩ ᠬᠠᠮᠢᠶᠠᠷᠤᠭᠴᠢ》᠂ 《ᠮᠡᠷᠭᠡᠯ ᠭᠣᠣᠯ  ᠤᠨ ᠬᠤᠪᠢᠷᠠᠯᠲᠠ》᠂ 《ᠡᠯᠡᠰᠦᠨ ᠨᠤᠲᠤᠭ  ᠤᠨ ᠪᠢᠴᠢᠬᠠᠨ ᠤᠯᠠᠭᠠᠨ ᠦᠬᠵᠢᠨ》 ᠵᠡᠷᠭᠡ 80 ᠭᠠᠷᠤᠶ ᠴᠢᠮᠡᠭᠡᠯᠡᠯ ᠪᠤᠶᠤ ᠮᠡᠳᠡᠭᠡᠯᠡᠯ ᠦᠨ ᠤᠷᠠᠨ ᠵᠣᠬᠢᠶᠠᠯ ᠪᠢᠴᠢᠵᠡᠢ᠃ ᠣᠬᠤᠷ ᠨᠢ ᠮᠢᠩᠭ᠎ᠠ ᠭᠠᠷᠤᠶ ᠦᠰᠥᠭ ᠲᠡᠢ᠂ ᠣᠷᠳᠣ ᠨᠢ ᠬᠣᠶᠠᠷ ᠲᠦᠮᠡᠨ ᠦᠰᠥᠭ ᠬᠦᠷ ᠴᠤ᠌᠂ ᠲᠡᠷᠡ ᠪᠡᠷ 20 ᠳ᠋ᠤᠭᠠᠷ ᠵᠠᠭ ᠤᠨ ᠤ ᠲᠠᠪᠢᠭᠠᠳ ᠵᠢᠷᠠᠭᠠᠳ ᠣᠨ ᠳᠤ ᠥᠪᠦᠷ ᠮᠣᠩᠭᠤᠯ ᠣᠷᠤᠨ ᠳ᠋ᠤ᠌ ᠮᠣᠩᠭᠤᠯ ᠢ᠋ᠶ᠋ᠠᠷ ᠮᠡᠳᠡᠭᠡᠯᠡᠯ ᠴᠢᠮᠡᠭᠡᠯᠡᠯ ᠬᠠᠮᠤᠭ  ᠤᠨ ᠣᠯᠠᠨ ᠪᠢᠴᠢᠭᠰᠡᠨ ᠰᠤᠷᠪᠤᠯᠵᠢᠯᠠᠭᠴᠢ  ᠵᠢᠨ ᠨᠢᠭᠡ ᠨᠢ ᠪᠠᠢᠵᠤ ᠪᠢᠯᠡ᠃ 1960 ᠣᠨ ᠳᠤ 18000 ᠦᠰᠥᠭ ᠲᠡᠢ ᠮᠡᠳᠡᠭᠡᠯᠡᠯ ᠦᠨ ᠤᠷᠠᠨ ᠵᠣᠬᠢᠶᠠᠯ 《 ᠮᠠᠯᠴᠢᠨ ᠤ ᠡᠷᠡᠯᠬᠡᠭ ᠬᠦᠦ ᠴᠣᠢᠷᠤ᠎ᠠ》 ᠨᠢ ᠨᠡᠢᠲᠡᠯᠡᠭᠳᠡᠬᠦ ᠳᠦ 《ᠥᠪᠦᠷ ᠮᠣᠩᠭᠤᠯ ᠤ᠋ᠨ ᠵᠠᠯᠠᠭᠤ ᠴᠤ᠌ᠳ》 ᠰᠡᠳᠭᠦᠯ   ᠲᠦ᠍ᠰᠬᠠᠢᠯᠠᠨ ᠬᠣᠷᠢᠶᠠᠨ ᠤ᠋ ᠥᠭᠦᠯᠡᠯ ᠬᠠᠪᠰᠤᠷᠭᠠᠵᠤ᠂ ᠪᠦᠬᠥ ᠥᠪᠦᠷ ᠮᠣᠩᠭᠤᠯ ᠤ᠋ᠨ ᠵᠠᠯᠠᠭᠤ ᠴᠤ᠌ᠳ ᠪᠠᠭᠠ ᠴᠤ᠌ᠳ  ᠤᠨ ᠳᠤᠮᠳᠠ  ᠴᠤ᠌ᠢᠷᠦᠪ ᠦᠨ ᠠᠷᠠᠳ ᠣᠯᠠᠨ ᠤ ᠪᠠᠨ ᠲᠥᠯᠦᠭᠡ ᠠᠮᠢ ᠨᠠᠰᠤ ᠪᠠᠨ ᠬᠠᠢᠷᠠᠯᠠᠯ ᠦᠬᠡᠶ ᠵᠢᠳᠭᠦᠭᠰᠡᠨ ᠦᠵᠡᠯ ᠰᠠᠨᠠᠭ᠎ᠠ ᠶᠢ ᠰᠤᠷᠤᠯᠴᠠᠬᠤ ᠠᠵᠢᠯᠯᠠᠭ᠎ᠠ ᠥᠷᠨᠢᠭᠦᠯᠵᠡᠢ᠃ ᠲᠡᠷᠡ ᠨᠠᠢᠷᠠᠭᠤᠯᠭ᠎ᠠ᠂ ᠰᠤᠷᠪᠤᠯᠵᠢᠯᠠᠭ᠎ᠠ ᠪᠢᠴᠢᠯᠭᠡ  ᠵᠢᠨ ᠭᠣᠣᠯᠳᠠᠯᠭ᠎ᠠ ᠪᠠᠨ ᠦᠨᠳᠦᠰᠦᠲᠡᠨ ᠦ ᠪᠡᠨ ᠵᠠᠯᠠᠭᠤ ᠴᠤ᠌ᠳ ᠪᠠᠭᠠ ᠴᠤ᠌ᠳ  ᠤᠨ ᠣᠶ ᠪᠢᠯᠢᠭ ᠢ ᠨᠡᠭᠡᠭᠡᠵᠦ᠂ ᠰᠣᠶᠤᠯ ᠪᠣᠯᠪᠠᠰᠤᠷᠠᠯ ᠢ ᠳᠡᠭᠡᠭᠰᠢᠯᠡᠭᠦᠯᠬᠦ ᠪᠠ ᠤᠯᠤᠰ ᠣᠷᠤᠨ ᠤ᠋ ᠪᠠᠨ ᠨᠡᠢᠭᠡᠮ ᠵᠢᠷᠤᠮ ᠲᠦ᠍ ᠦᠢᠯᠡᠰ ᠲᠦ ᠭᠠᠯ ᠵᠠᠯᠠᠭᠤ ᠨᠠᠰᠤ ᠪᠠᠨ ᠵᠣᠷᠢᠭᠤᠯᠵᠤ ᠪᠠᠢᠭ᠎ᠠ ᠲᠡᠷᠢᠭᠦᠨ ᠦ ᠬᠥᠮᠦᠰ ᠦ᠋ᠨ ᠵᠠᠩ ᠴᠢᠨᠠᠷ᠂ ᠦᠢᠯᠡ ᠠᠵᠢᠯᠯᠠᠭ᠎ᠠ ᠶᠢ ᠰᠠᠢᠰᠢᠶᠠ? ᠳᠡᠮᠵᠢᠬᠦ ᠰᠡᠳᠦᠪ ᠲᠦ ᠳᠡᠯᠪᠡᠵᠡᠶ᠃ ᠲᠡᠷᠡ ᠪᠠᠰᠠ ᠵᠠᠯᠠᠭᠤ ᠴᠤ᠌ᠳ  ᠤᠨ ᠰᠡᠳᠭᠦᠯ ᠦ᠋ᠨ ᠤᠳᠭ᠎ᠠ ᠵᠣᠬᠢᠶᠠᠯ  ᠤᠨ ᠪᠤᠯᠤᠩ 《ᠡᠵᠢ ᠨᠠᠭᠤᠷ》 ᠪᠠ ᠬᠡᠦᠬᠡᠳ ᠦ᠋ᠨ ᠰᠡᠳᠭᠦᠯ ᠦ᠋ᠨ ᠤᠳᠭ᠎ᠠ ᠵᠣᠬᠢᠶᠠᠯ  ᠤᠨ ᠪᠤᠯᠤᠩ ᠢ ᠤᠳᠠᠭᠠᠨ ᠬᠤᠭᠤᠴᠠᠭ᠎ᠠ ᠡᠷᠬᠢᠯᠡᠵᠦ᠂ 600 ᠭᠠᠷᠤᠶ ᠵᠣᠬᠢᠶᠠᠯ ᠪᠦᠲᠦᠭᠡᠯ ᠨᠠᠢᠷᠠᠭᠤᠯ ᠤᠨ ᠨᠡᠢᠲᠡᠯᠡᠭᠰᠡᠨ ᠪᠥᠭᠡᠳ ᠱᠣᠭ ᠨᠠᠢᠷᠠᠭᠤᠯᠭ᠎ᠠ  ᠵᠢᠨ ᠪᠤᠯᠤᠩ 《ᠵᠠᠷᠠᠭ᠎ᠠ》 ᠶᠢ ᠡᠷᠬᠢᠯᠡᠵᠦ᠂ 《ᠬᠠᠢᠯᠠᠷ ᠭᠣᠣᠯ ᠠᠴᠠ ᠰᠣᠨᠤᠰᠤᠭᠰᠠᠨ ᠴᠢᠮᠡᠭᠡ》᠂ 《ᠺᠠᠲᠠᠷ ᠦᠭᠡ  ᠵᠢᠨ ᠳ᠋ᠦᠩ》᠂ 《 ᠪᠢᠲᠡᠭᠡᠢ  ᠴᠤ᠌ᠤᠷᠬᠠᠯ ᠳᠠᠯᠪᠢ》᠂ 《ᠺᠠᠲᠠᠷ ᠶᠤᠮ ᠤᠤ᠂ ᠨᠠᠮᠲᠦ᠍ᠴᠢᠨ ᠶᠤᠮ ᠤᠤ?》 ᠭᠡᠬᠦ ᠮᠡᠲᠦ10 ᠭᠠᠷᠤᠶ ᠱᠣᠭ ᠨᠠᠢᠷᠠᠭᠤᠯᠭ᠎ᠠ ᠪᠢᠴᠢᠵᠦ ᠨᠡᠢᠲᠡᠯᠡᠭᠡᠳ᠂ ᠨᠡᠢᠭᠡᠮ ᠳᠡᠭᠡᠷᠡᠬᠢ ᠪᠤᠵᠠᠷ ᠰᠤᠷᠲᠠᠯ᠂ ᠪ ᠣᠯᠠᠨᠢ ᠵᠠᠩ᠂ ᠢᠯᠵᠠᠷᠠᠮᠠᠯ ᠦᠵᠡᠯ ᠢ ᠬᠠᠢᠷ ᠨᠠᠢᠷ ᠦᠬᠡᠶ ᠰᠢᠭᠦᠮᠵᠢᠯᠡᠵᠦ ᠪᠢᠯᠡ᠃ ᠶᠠᠷᠢᠶᠠᠨ ᠤ ᠲᠠᠪᠴᠠᠩ ᠳᠤ ᠨᠡᠢᠲᠡᠯᠡᠭᠰᠡᠨ 《ᠨᠥᠬᠦᠷ ᠦ᠋ᠨ  ᠲᠤᠰᠭᠠᠢ》᠂ 《ᠳᠤᠰᠤᠯ ᠬᠤᠷᠠᠵᠤ ᠲᠡᠯᠡᠶ ᠪᠤᠯᠲᠠᠭ ᠠᠴᠠ ᠶᠠᠷᠢᠬᠤ ᠨᠢ》᠂ 《ᠨᠣᠮ ᠤᠩᠰᠢᠬᠤ ᠠᠴᠠ ᠡᠬᠢᠯᠡᠵᠦ ᠰᠤᠷᠤᠯᠴᠠᠬᠤ ᠶᠢ ᠶᠠᠷᠢᠬᠤ ᠨᠢ》 ᠵᠡᠷᠭᠡ ᠥᠭᠦᠯᠡᠯ ᠵᠣᠬᠢᠶᠠᠯ ᠨᠢ ᠤᠷᠢᠳ ᠬᠣᠵᠢᠳ 10 ᠤᠩᠰᠢᠭᠴᠢ  ᠵᠢᠨ ᠵᠠᠬᠢᠳᠠᠯ ᠢ 20 ᠭᠠᠷᠤᠶ ᠬᠦᠯᠢᠶᠡᠵᠦ ᠵᠠᠯᠠᠭᠤ ᠴᠤ᠌ᠳ  ᠤᠨ ᠳᠤᠮᠳᠠ ᠵᠣᠬᠢᠬᠤ   ᠲᠦ᠍ᠰᠬᠠᠯ ᠭᠠᠷᠴᠠᠢ᠃ 1971 ᠣᠨ ᠳᠤ ᠥᠪᠦᠷ ᠮᠣᠩᠭᠤᠯ ᠤ᠋ᠨ ᠠᠷᠠᠳ  ᠤᠨ ᠷᠠᠳᠢᠣ᠋ ᠨᠡᠪᠲᠡᠷᠡᠭᠦᠯᠭᠡ  ᠵᠢᠨ ᠬᠣᠷᠢᠶ᠎ᠠ ᠳᠤ ᠠᠵᠢᠯ ᠰᠢᠯᠵᠢᠵᠦ᠂ [993 ᠣᠨ ᠳᠤ ᠨᠠᠰᠤᠨ ᠤ ᠠᠮᠠᠷᠠᠯᠲᠠ ᠪᠠᠨ ᠠᠪᠤᠲᠠᠯ᠎ᠠ 22 ᠵᠢᠯ ᠠᠵᠢᠯᠯᠠᠬᠤ ᠳᠠᠭᠠᠨ ᠤᠷᠢᠳ ᠬᠣᠵᠢᠳ ᠮᠣᠩᠭᠤᠯ ᠨᠠᠢᠷᠠᠭᠤᠯᠬᠤ ᠬᠡᠯᠲᠡᠰ ᠦᠨ ᠬᠠᠷᠢᠭᠤᠴᠠᠯᠭᠠᠲᠠᠨ᠂ ᠶᠡᠷᠦᠩᠬᠡᠶ ᠨᠠᠢᠷᠠᠭᠤᠯᠬᠤ ᠬᠡᠷ ᠦᠨ ᠳᠡᠳ᠋ ᠡᠷᠬᠢᠯᠡᠭᠴᠢ᠂ ᠷᠠᠳᠢᠣ᠋ ᠬᠣᠷᠢᠶᠠᠨ ᠤ᠋ ᠪᠠᠢᠩᠭᠤ  ᠵᠢᠨ ᠳᠡᠳ᠋ ᠳᠠᠷᠤᠭ᠎ᠠ  ᠵᠢᠨ   ᠲᠤᠰᠢᠶᠠᠯ ᠳᠤ ᠪᠠᠢᠵᠤ᠂ ᠮᠣᠩᠭᠤᠯ ᠷᠠᠳᠢᠣ᠋ ᠰᠣᠨᠢᠨ ᠮᠡᠳᠡᠭᠡᠨ ᠦ ᠦᠢᠯᠡᠰ ᠲᠦ ᠦᠢᠯᠡᠴᠢᠯᠡᠵᠡᠢ᠃ ᠣᠬᠤᠷᠬᠠᠨ ᠬᠤᠭᠤᠴᠠᠭ᠎ᠠ  ᠵᠢᠨ ᠳᠣᠲᠤᠷ᠎ᠠ ᠷᠠᠳᠢᠣ᠋ ᠰᠣᠨᠢᠨ ᠮᠡᠳᠡᠭᠡ  ᠵᠢᠨ ᠰᠤᠷᠪᠤᠯᠵᠢᠯᠠᠬᠤ ᠨᠠᠢᠷᠠᠭᠤᠯᠬᠤ ᠰᠢᠩᠭᠡᠭᠡᠬᠦ᠂ ᠨᠡᠪᠲᠡᠷᠡᠭᠦᠯᠬᠦ ᠪᠦᠬᠥ ᠶᠠᠪᠤᠴᠠ ᠶᠢ ᠣᠢᠯᠠᠭᠠᠵᠤ᠂ ᠰᠣᠨᠢᠨ ᠮᠡᠳᠡᠭᠡᠨ ᠦ ᠫᠷᠣᠭ᠌ᠷᠠᠮ᠂ ᠨᠡᠢᠭᠡᠮ ᠬᠥᠮᠦᠵᠢᠯ ᠦ᠋ᠨ ᠫᠷᠣᠭ᠌ᠷᠠᠮ᠂ ᠤᠳᠭ᠎ᠠ ᠤᠷᠠᠯᠢᠭ  ᠤᠨ ᠫᠷᠣᠭ᠌ᠷᠠᠮ᠂ ᠦᠢᠯᠡᠴᠢᠯᠡᠭᠡᠨ ᠦ ᠫᠷᠣᠭ᠌ᠷᠠᠮ ᠦᠨ ᠣᠨᠴᠠᠯᠢᠭ ᠪᠠ ᠵᠢᠮ᠎ᠡ ᠶᠣᠰᠤ ᠶ᠋ᠢ ᠡᠵᠡᠮᠰᠢᠵᠦ᠂ ᠮᠣᠩᠭᠤᠯ ᠷᠠᠳᠢᠣ᠋ ᠨᠡᠪᠲᠡᠷᠡᠭᠦᠯᠭᠡ  ᠵᠢᠨ ᠤᠬᠠᠭᠤᠯᠬᠤ ᠲᠥᠯᠦᠪᠯᠡᠭᠡ᠂ ᠮᠡᠳᠡᠭᠡᠯᠡᠬᠦ ᠰᠡᠳᠦᠪ ᠭᠠᠷᠭᠠᠬᠤ ᠠᠴᠠ ᠡᠬᠢᠯᠡᠭᠡᠳ ᠵᠣᠬᠢᠶᠠᠨ ᠪᠠᠢᠭᠤᠯᠵᠤ ᠮᠡᠳᠡᠭᠡᠯᠡᠬᠦ᠂ ᠵᠢᠴᠢ ᠲᠦ᠍ᠷᠰᠢᠯᠭ᠎ᠠ ᠪᠠᠨ ᠳ᠋ᠦᠩᠨᠡᠬᠦ ᠬᠦᠷᠲᠡᠯ᠎ᠡ ᠪᠡᠶ᠎ᠡ ᠪᠡᠷ ᠢᠶᠡᠨ ᠡᠷᠬᠢᠯᠡᠨ ᠬᠢᠵᠠᠶ᠃ 《ᠰᠣᠶᠤᠯ ᠤ᠋ᠨ ᠶᠡᠬᠡ ᠬᠤᠪᠢᠰᠭᠠᠯ》 ᠮᠣᠩᠭᠤᠯ ᠷᠠᠳᠢᠣ᠋ ᠨᠡᠪᠲᠡᠷᠡᠭᠦᠯᠭᠡ ᠳᠦ ᠤᠴᠠᠷᠠᠭᠤᠯᠤᠭᠰᠠᠨ ᠬᠣᠬᠢᠷᠠᠯ ᠰᠠᠮᠠᠭᠤᠷᠠᠯ ᠢ ᠵᠦᠭᠰᠢᠷᠡᠭᠦᠯᠬᠦ ᠠᠵᠢᠯ ᠢ ᠬᠦᠴᠤ᠌ᠲᠡᠶ ᠠᠳᠭᠤᠵᠤ᠂ ᠦᠨᠳᠦᠰᠦᠲᠡ? ᠦ ᠷᠠᠳᠢᠣ᠋ ᠤᠬᠠᠭᠤᠯᠭ᠎ᠠ  ᠵᠢᠨ ᠭᠣᠣᠯᠳᠠᠯᠭ᠎ᠠ ᠶᠢ ᠠᠩᠭᠢ  ᠵᠢᠨ ᠲᠡᠮᠡᠴᠡᠯ ᠡᠴᠡ ᠠᠵᠤ ᠠᠬᠤᠶ  ᠵᠢᠨ ᠪᠠᠢᠭᠤᠯᠤᠯᠲᠠ ᠪᠠᠷ ᠭᠣᠣᠯ ᠪᠣᠯᠭᠠᠬᠤ ᠳᠤ ᠰᠢᠯᠵᠢᠭᠦᠯᠬᠦ ᠪᠠ ᠣᠷᠴᠢᠭᠤᠯᠭ᠎ᠠ ᠪᠠᠷ ᠭᠣᠣᠯᠳᠠᠵᠤ ᠪᠠᠢᠭᠰᠠᠨ ᠷᠠᠳᠢᠣ᠋ ᠨᠡᠪᠲᠡᠷᠡᠭᠦᠯᠭᠡ ᠶᠢ ᠥᠪᠡᠷᠲᠡᠭᠡᠨ ᠰᠤᠷᠪᠤᠯᠵᠢᠯᠠᠨ ᠨᠠᠢᠷᠠᠭᠤᠯᠬᠤ ᠪᠠᠷ ᠭᠣᠣᠯ ᠪᠣᠯᠭᠠᠬᠤ ᠥᠭᠡᠳᠡ ᠰᠢᠯᠵᠢᠭᠦᠯᠬᠦ ᠳᠦ ᠲᠣᠮᠣ ᠲᠣᠮᠣ ᠠᠰᠠᠭᠤᠳᠠᠯ ᠢ ᠠᠳᠬᠤᠨ ᠬᠡᠷᠡᠭᠵᠢᠭᠦᠯᠵᠡᠢ᠃ ᠦᠵᠡᠯ ᠰᠠᠨᠠᠭ᠎ᠠ ᠪᠠᠨ ᠴᠢᠯᠦᠭᠡᠯᠡᠨ ᠥᠭᠡᠷᠡᠴᠢᠯᠡᠯᠲᠡ ᠨᠡᠭᠡᠭᠡᠯᠲᠡ ᠡᠬᠢᠯᠡᠮᠡᠭᠴᠡ ᠬᠥᠳᠡᠭᠡ ᠠᠵᠤ ᠠᠬᠤᠶ ᠮᠠᠯᠵᠢᠬᠤ ᠣᠷᠤᠨ ᠤ᠋ ᠦᠢᠯᠡᠳᠪᠦᠷᠢᠯᠡᠯ ᠢ ᠡᠷᠦᠬᠡ ᠳᠦ ᠳᠠᠭᠠᠭᠠᠴᠢᠯᠠᠭᠤᠯᠬᠤ ᠰᠤᠷᠲᠠᠯᠴᠢᠯᠠᠭ᠎ᠠ ᠶᠢ 1982 ᠣᠨ ᠤ ᠡᠬᠢᠨ ᠡᠴᠡ ᠠᠳᠭᠤᠵᠤ᠂ 1983 ᠣᠨ ᠤ ᠰᠡᠭᠦᠯ ᠪᠣᠯᠲᠠᠯ᠎ᠠ 20 ᠭᠠᠷᠤᠶ ᠪᠣᠳᠠᠲᠤ ᠵᠢᠱ᠌ᠢᠶ᠎ᠡ ᠶᠢ ᠮᠡᠳᠡᠭᠡᠯᠡᠵᠡᠢ᠃ ᠰᠣᠨᠢᠨ ᠮᠡᠳᠡᠭᠡ  ᠵᠢᠨ ᠥᠭᠡᠷᠡᠴᠢᠯᠡᠯᠲᠡ   ᠵᠢᠨ ᠲᠠᠯ᠎ᠠ ᠪᠠᠷ ᠡᠬᠡ ᠪᠢᠴᠢᠭ ᠢ ᠰᠢᠨ᠎ᠡ ᠰᠣᠷᠭᠤᠭ᠂ ᠳᠠᠷᠤᠢ ᠲᠦᠷᠭᠡᠨ᠂ ᠣᠬᠤᠷ ᠠᠪᠰᠠᠷᠬᠠᠨ ᠪᠢᠴᠢᠬᠦ ᠶᠢ ᠰ᠌ᠠᠭᠠᠷᠳᠠᠨ ᠰᠢᠩᠭᠡᠭᠡᠯᠲᠡ᠂ ᠳᠠᠭ ᠤᠨ ᠲᠠᠢ ᠨᠡᠪᠲᠡᠷᠡᠭᠦᠯᠭᠡ ᠶᠢ ᠡᠷᠬᠢᠮᠯᠡᠵᠦ᠂ 1985~ 1989 ᠣᠨ ᠤ ᠬᠣᠭᠤᠷᠤᠨᠳᠤ ᠵᠢᠯ ᠪᠦᠷᠢ ᠵᠠᠭ ᠤᠨ ᠨᠡᠷᠡᠰ ᠲᠡᠷᠢᠭᠦᠨ ᠦ ᠬᠥᠮᠦᠰ ᠢ᠋ ᠮᠡᠳᠡᠭᠡᠯᠡᠬᠦ ᠲᠥᠰᠦᠪ ᠳᠤᠷᠠᠳ ᠤᠨ ᠬᠡᠷᠡᠭᠵᠢᠭᠦᠯᠵᠡᠢ᠃ ᠠᠵᠢᠯ  ᠤᠨ ᠢᠶᠠᠨ ᠳᠤᠮᠳᠠ ᠪᠠᠨ ᠲᠡᠷᠡ ᠰᠣᠨᠢᠨ ᠮᠡᠳᠡᠭᠡ  ᠵᠢᠨ ᠣᠨᠤᠯ ᠪᠠ ᠦᠢᠯᠡᠳᠦᠯᠭᠡ ᠶᠢ ᠤᠶᠠᠯᠳᠤᠭᠤᠯ ᠤᠨ   ᠲᠦ᠍ᠷᠰᠢᠯᠭ᠎ᠠ ᠪᠠᠨ ᠳ᠋ᠦᠩᠨᠡᠬᠦ ᠶᠢ ᠠᠩᠬᠠᠷ ᠴᠤ᠌᠂ ᠥᠭᠦᠯᠡᠯ ᠵᠣᠬᠢᠶᠠᠯ ᠲᠤᠭᠤᠷᠪᠢᠳᠠᠭ ᠪᠢᠯᠡ᠃ 1983 ᠣᠨ ᠳᠤ ᠲᠡᠭᠦᠨ ᠦ ᠪᠢᠴᠢᠭᠰᠡᠨ 《 ᠰᠣᠨᠢᠨ ᠮᠡᠳᠡᠭᠡ  ᠵᠢᠨ ᠥᠭᠡᠷᠡᠴᠢᠯᠡᠯᠲᠡ   ᠵᠢᠨ ᠳᠤᠮᠳᠠ ᠮᠣᠩᠭᠤᠯ ᠬᠡᠯᠡᠨ ᠦ ᠷᠠᠳᠢᠣ᠋ ᠨᠡᠪᠲᠡᠷᠡᠭᠦᠯᠭᠡ ᠪᠡᠨ ᠨᠠᠩ ᠰᠠᠢᠬᠠᠨ ᠡᠷᠬᠢᠯᠡᠶ᠎ᠡ》 ᠭᠡᠬᠦ ᠥᠭᠦᠯᠡᠯ ᠨᠢ ᠳᠤᠮᠳᠠᠳᠤ ᠤᠯᠤᠰ  ᠤᠨ ᠠᠷᠪᠠᠨ ᠨᠢᠭᠡᠳᠦᠭᠡᠷ ᠤᠳᠠᠭ᠎ᠠ  ᠵᠢᠨ ᠪᠦᠬᠥ ᠤᠯᠤᠰ  ᠤᠨ ᠷᠠᠳᠢᠣ᠋ ᠲᠧᠯᠸᠢᠰ ᠠᠵᠢᠯ  ᠤᠨ ᠬᠤᠷᠠᠯᠳᠤᠭᠠᠨ ᠳᠤ ᠨᠡᠢᠲᠡᠯᠢᠭ ᠵᠢᠱ᠌ᠢᠶ᠎ᠡ ᠵᠣᠬᠢᠶᠠᠯ ᠪᠣᠯᠵᠤ᠂ 《ᠳᠤᠮᠳᠠᠳᠤ ᠤᠯᠤᠰ  ᠤᠨ ᠷᠠᠳᠢᠣ᠋ ᠲᠧᠯᠸᠢᠰ ᠬᠡᠪᠯᠡᠯ ᠦᠨ ᠬᠣᠷᠢᠶ᠎ᠠ》 ᠠᠴᠠ ᠬᠢᠲᠠᠳ ᠢᠶᠠᠷ ᠬᠡᠪᠯᠡᠭᠦᠯᠦᠭᠰᠡᠨ 《ᠬᠠᠨᠳᠤᠯᠭ᠎ᠠ ᠪᠠ ᠦᠢᠯᠡᠳᠦᠯᠭᠡ》 ᠬᠡᠮᠡᠬᠦ ᠨᠣᠮ ᠳᠤ ᠣᠷᠣᠵᠠᠶ᠃ 1984 ᠣᠨ ᠳᠤ ᠥᠪᠦᠷ ᠮᠣᠩᠭᠤᠯ ᠤ᠋ᠨ ᠮᠣᠩᠭᠤᠯ ᠷᠠᠳᠢᠣ᠋ ᠨᠡᠪᠲᠡᠷᠡᠭᠦᠯᠭᠡ  ᠵᠢᠨ ᠲᠡᠦᠬᠡ ᠶᠢ ᠪᠦᠬᠥ ᠲᠠᠯ᠎ᠠ ᠪᠠᠷ ᠨᠠᠷᠢᠯᠢᠭ ᠰᠢᠰᠲ᠋ᠧᠮ ᠲᠡᠢ ᠳ᠋ᠦᠩᠨᠡᠨ ᠪᠢᠴᠢᠭᠰᠡᠨ ᠲᠦᠮᠡᠨ ᠦᠰᠥᠭ ᠲᠡᠢ 《ᠮᠠᠨᠳᠤᠯ ᠳᠠᠭᠤᠷᠢᠰᠤᠭᠰᠠᠨ ᠷᠠᠳᠢᠣ᠋ ᠳᠣᠯᠭᠢᠶᠠᠨ》 ᠬᠡᠮᠡᠬᠦ ᠲᠡᠦᠬᠡᠨ ᠵᠣᠬᠢᠶᠠᠯ ᠢᠶᠠᠨ ᠨᠠᠢᠳᠠᠯᠠᠵᠠᠢ᠃ 1960 ᠣᠨ ᠳᠤ ᠦᠨᠳᠦᠰᠦᠲᠡᠨ ᠦ ᠬᠡᠪᠯᠡᠯ ᠦᠨ ᠬᠣᠷᠢᠶ᠎ᠠ ᠲᠤᠰ ᠵᠣᠬᠢᠶᠠᠯ ᠢ ᠵᠣᠬᠢᠶᠠᠭᠴᠢ  ᠵᠢᠨ 《ᠠᠵᠤ ᠠᠬᠤᠶ  ᠵᠢᠨ ᠰᠣᠨᠢᠨ ᠮᠡᠳᠡᠭᠡ ᠪᠢᠴᠢᠬᠦ  ᠲᠤᠰᠭᠠᠢ ᠥᠭᠦᠯᠡᠬᠦ ᠨᠢ》᠂ 《ᠮᠠᠨ ᠤ ᠦᠨᠳᠦᠰᠦᠨ  ᠲᠦ᠍ᠷᠰᠢᠯᠭ᠎ᠠ》 ᠵᠡᠷᠭᠡ 6 ᠥᠭᠦᠯᠡᠯ ᠲᠡᠢ ᠬᠠᠮᠲᠤᠷᠠᠭᠤᠯᠤᠨ    ᠲᠤᠰᠭᠠᠢ ᠨᠣᠮ ᠪᠣᠯᠭᠠᠨ ᠬᠡᠪᠯᠡᠵᠡᠢ᠃ ᠲᠡᠷᠡ ᠤᠷᠢᠳ ᠬᠣᠵᠢᠳ 《ᠵᠠᠭ ᠤᠨ ᠲᠦᠷᠦᠭᠦᠦ》᠂ 《ᠷᠠᠳᠢᠣ᠋ ᠰᠢᠯᠢᠳᠡᠭ ᠵᠣᠬᠢᠶᠠᠯ》᠂ 《ᠷᠠᠳᠢᠣ᠋ ᠲᠧᠯᠸᠢᠰ ᠰᠣᠩᠭᠤᠳᠠᠭ ᠵᠣᠬᠢᠶᠠᠯ》 ᠵᠡᠷᠭᠡ 40 ᠲᠦᠮᠡᠨ ᠦᠰᠥᠭ ᠲᠡᠢ ᠰᠣᠨᠢᠨ ᠮᠡᠳᠡᠭᠡᠨ ᠦ ᠨᠣᠮ ᠢ ᠨᠠᠢᠷᠠᠭᠤᠯ ᠤᠨ ᠬᠡᠪᠯᠡᠭᠦᠯᠪᠡ᠃ 1983 ᠣᠨ ᠪᠣᠯᠲᠠᠯ᠎ᠠ ᠪᠦᠬᠥ ᠥᠪᠦᠷ ᠮᠣᠩᠭᠤᠯ ᠤ᠋ᠨ ᠪᠠ ᠪᠦᠬᠥ ᠤᠯᠤᠰ  ᠤᠨ ᠮᠣᠩᠭᠤᠯ ᠷᠠᠳᠢᠣ᠋ ᠰᠢᠯᠢᠳᠡᠭ ᠫᠷᠣᠭ᠌ᠷᠠᠮ ᠢ ᠠᠳᠠᠯᠢᠳᠭᠠᠨ ᠰᠢᠯᠭᠠᠷᠠᠭᠤᠯᠬᠤ ᠤᠳᠤᠷᠢᠳᠬᠤ ᠳᠡᠳ᠋ᠳᠡᠳ᠋ ᠳᠠᠷᠤᠭ᠎ᠠ  ᠵᠢᠨ ᠲᠤᠰᠢᠶᠠᠯ ᠬᠠᠪᠰᠤᠷᠭᠠᠨ ᠪᠣᠳᠠᠲᠠᠶ ᠠᠵᠢᠯ ᠢ ᠠᠳᠭᠤᠵᠤ ᠦᠨᠳᠦᠰᠦᠲᠡᠨ ᠦ ᠷᠠᠳᠢᠣ᠋  ᠵᠢᠨ ᠨᠠᠢᠷᠠᠭᠤᠯᠭ᠎ᠠ ᠶᠢ ᠬᠥᠭᠵᠢᠭᠦᠯᠬᠦ ᠳ᠋ᠦ᠍ ᠨᠠᠢᠷᠠᠭᠤᠯᠤᠭᠴᠢᠳ  ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠳᠦ ᠵᠣᠬᠢᠬᠤ ᠬᠤᠪᠢ ᠨᠡᠮᠡᠷᠢ ᠦᠵᠡᠭᠦᠯᠵᠡᠢ᠃ ᠮᠣᠩᠭᠤᠯ ᠦᠨᠳᠦᠰᠦᠲᠡᠨ ᠦ ᠨᠠᠢᠷᠠᠭᠤᠯᠭ᠎ᠠ  ᠵᠢᠨ ᠡᠷᠳᠡᠮᠲᠡᠨ ᠦ ᠬᠤᠪᠢ ᠳᠤ ᠬᠠᠰᠪᠠᠷᠰ 《ᠨᠠᠢᠷᠠᠭᠤᠯᠭ᠎ᠠ  ᠵᠢᠨ ᠤᠬᠠᠭᠠᠨ ᠤ  ᠲᠤᠰᠭᠠᠢ》 ᠭᠡᠬᠦ ᠲᠦᠮᠡ ᠭᠠᠷᠤᠶ ᠦᠰᠥᠭ ᠲᠡᠢ ᠣᠷᠳᠣ ᠥᠭᠦᠯᠡᠯ ᠪᠢᠴᠢᠵᠦ᠂ ᠮᠣᠩᠭᠤᠯ ᠰᠣᠨᠢᠨ ᠮᠡᠳᠡᠭᠡ ᠬᠡᠪᠯᠡᠯ ᠦᠨ ᠨᠠᠢᠷᠠᠭᠤᠯᠭ᠎ᠠ  ᠵᠢᠨ ᠤᠬᠠᠭᠠᠨ ᠢ ᠰᠤᠳᠤᠯᠬᠤ ᠴᠢᠬᠤᠯᠠ ᠴᠢᠨᠠᠷ ᠢ ᠣᠨᠤᠯ ᠦᠢᠯᠡᠳᠦᠯᠭᠡ  ᠯᠦᠭᠡ ᠤᠶᠠᠯᠳᠤᠭᠤᠯ ᠤᠨ ᠥᠭᠦᠯᠡᠵᠦ ᠰᠤᠳᠤᠯᠭᠠᠨ ᠥᠷᠨᠢᠭᠦᠯᠬᠦ ᠭᠣᠣᠯ ᠡᠭᠦᠷᠭᠡ᠂ ᠬᠦᠷᠢᠶ᠎ᠡ ᠴᠠᠷᠠᠭ᠎ᠠ᠂ ᠠᠷᠭ᠎ᠠ ᠪᠠᠷᠢᠯ ᠳᠤ ᠬᠦᠷᠲᠡᠯ᠎ᠡ ᠪᠣᠳᠠᠲᠠᠶ ᠳᠤᠷᠠᠳᠪᠠ᠃ 1994 ᠣᠨ ᠳᠤ ᠪᠠᠰᠠ 《ᠨᠠᠢᠷᠠᠭᠤᠯᠤᠭᠴᠢ  ᠵᠢᠨ ᠦᠨᠳᠦᠰᠦᠨ ᠪᠣᠯᠪᠠᠰᠤᠷᠠᠯ》 ᠬᠡᠮᠡᠬᠦ 27 ᠲᠦᠮᠡᠨ ᠦᠰᠥᠭ ᠦᠨ ᠥᠭᠦᠯᠡᠯ ᠨᠠᠢᠳᠠᠯᠠᠵᠤ᠂ ᠥᠪᠡᠷ ᠦ᠋ᠨ 40 ᠭᠠᠷᠤᠶ ᠵᠢᠯ ᠦᠨ ᠨᠠᠢᠷᠠᠭᠤᠯᠭ᠎ᠠ ᠰᠤᠷᠪᠤᠯᠵᠢᠯᠠᠭ᠎ᠠ ᠬᠢᠭᠰᠡᠨ ᠪᠣᠳᠠᠲᠤ ᠦᠢᠯᠡᠳᠦᠯᠭᠡ ᠪᠡᠷ ᠢᠶᠡᠨ ᠳᠥᠷᠪᠡᠨ ᠪᠣᠯᠪᠠᠰᠤᠷᠠᠯ —— ᠦᠵᠡᠯ ᠰᠠᠨᠠᠭᠠᠨ ᠤ ᠪᠣᠯᠪᠠᠰᠤᠷᠠᠯ᠂ ᠡᠷᠳᠡᠮ ᠮᠡᠳᠡᠯᠭᠡ  ᠵᠢᠨ ᠪᠣᠯᠪᠠᠰᠤᠷᠠᠯ᠂ ᠠᠵᠢᠯ ᠮᠡᠷᠭᠡᠰᠢᠯ ᠦᠨ ᠪᠣᠯᠪᠠᠰᠤᠷᠠᠯ᠂ ᠶᠣᠰᠤ ᠮᠣᠷᠠᠯ  ᠤᠨ ᠪᠣᠯᠪᠠᠰᠤᠷᠠᠯ  ᠤᠨ  ᠲᠤᠰᠭᠠᠢ ᠰᠢᠰᠲ᠋ᠧᠮ ᠲᠡᠢ ᠥᠭᠦᠯᠡᠵᠡᠢ᠃ 1987 ᠣᠨ ᠳᠤ ᠲᠡᠷᠡ ᠳᠤᠮᠳᠠᠳᠤ ᠤᠯᠤᠰ  ᠤᠨ ᠰᠣᠨᠢᠨ ᠮᠡᠳᠡᠭᠡᠨ ᠦ ᠳᠡᠭᠡᠳᠦ ᠵᠡᠷᠭᠡ  ᠵᠢᠨ    ᠲᠤᠰᠭᠠᠢ ᠮᠡᠷᠭᠡᠵᠢᠯ ᠦᠨ ᠴᠣᠯᠠ ᠬᠢᠨᠠᠨ ᠲᠣᠭᠲᠠᠭᠠᠬᠤ ᠺᠣᠮᠢᠰ  ᠤᠨ ᠭᠡᠰᠢᠭᠦᠨ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠰᠣᠨᠢᠨ ᠮᠡᠳᠡᠭᠡᠨ ᠦ ᠳᠡᠭᠡᠳᠦ ᠵᠡᠷᠭᠡ  ᠵᠢᠨ ᠲᠤᠰᠭᠠᠢ ᠮᠡᠷᠭᠡᠵᠢᠯ ᠦᠨ ᠴᠣᠯᠠ ᠬᠢᠨᠠᠨ ᠲᠣᠭᠲᠠᠭᠠᠬᠤ ᠺᠣᠮᠢᠰ  ᠤᠨ ᠭᠡᠰᠢᠭᠦᠨ ᠪᠣᠯᠵᠠᠢ᠃ 1993 ᠣᠨ ᠳᠤ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ  ᠤᠨ ᠲᠦᠷᠥ  ᠵᠢᠨ ᠶᠠᠪᠤᠳᠠᠯ  ᠤᠨ ᠬᠣᠷᠢᠶ᠎ᠠ ᠲᠡᠭᠦᠨ ᠦ ᠰᠣᠨᠢᠨ ᠮᠡᠳᠡᠭᠡ ᠬᠡᠪᠯᠡᠯ ᠦᠨ ᠦᠢᠯᠡᠰ ᠲᠦ ᠦᠵᠡᠭᠦᠯᠦᠭᠰᠡᠨ ᠭᠠᠪᠢᠶ᠎ᠠ ᠵᠢᠳᠭᠦᠯ ᠢ᠋ ᠲᠡᠮᠳᠡᠭᠯᠡᠵᠦ ᠣᠨᠴᠠ ᠲᠡᠳᠭᠦᠪᠦᠷᠢ ᠥᠭᠬᠦ ᠪᠣᠯᠵᠠᠢ᠃ ᠬᠠᠰᠪᠠᠷᠰ ᠪᠠᠰᠠ ᠳᠤᠮᠳᠠᠳᠤ ᠤᠯᠤᠰ  ᠤᠨ ᠵᠣᠬᠢᠶᠠᠯᠴᠢᠳ  ᠤᠨ ᠡᠪᠯᠡᠯ ᠦᠨ ᠭᠡᠰᠢᠭᠦᠨ ᠶᠤᠮ᠃ 1956 ᠣᠨ ᠠᠴᠠ ᠡᠬᠢᠯᠡᠨ ᠵᠣᠬᠢᠶᠠᠯ ᠪᠢᠴᠢᠵᠦ 《ᠡᠬᠡ ᠣᠷᠤᠨ  ᠮᠢᠨᠢ》᠂ 《ᠵᠢᠷᠦᠬᠡ ᠰᠢᠮᠰᠢᠷᠡᠮ᠎ᠡ ᠦᠯᠢᠭᠡᠷ》᠂ 《ᠰ᠌ᠠᠭᠠᠵᠠᠭᠠᠶ ᠶᠠᠭᠤ ᠭᠡᠵᠦ ᠰ᠌ᠠᠭᠰᠢᠪᠠ》᠂ 《ᠦᠯᠢᠭᠡᠷ ᠦᠨ ᠤᠭᠤᠲᠠ》᠂ 《ᠤᠯᠠᠭᠠᠨ ᠭᠡᠷᠡᠯᠲᠦ ᠬᠦᠦ》᠂ 《 ᠲᠡᠭᠷᠢᠯᠢᠭ ᠬᠥᠪᠡᠭᠦᠨ ᠴᠢᠩᠭᠢᠰ ᠬᠠᠭᠠᠨ )᠂ 《ᠮᠣᠩᠭᠤᠯ ᠦᠨᠳᠦᠰᠦᠲᠡᠨ ᠦ ᠬᠡᠦᠬᠡᠳ ᠦ᠋ᠨ ᠤᠷᠠᠨ ᠵᠣᠬᠢᠶᠠᠯ  ᠤᠨ ᠲᠣᠢᠮᠤ》 ᠭᠡᠬᠦ ᠮᠡᠲᠦ ᠬᠡᠦᠬᠡᠳ ᠦ᠋ᠨ ᠵᠣᠬᠢᠶᠠᠯ 21 ᠳᠡᠪᠲᠡᠷ 450 ᠲᠦᠮᠡᠨ ᠦᠰᠥᠭ ᠦᠨ ᠨᠣᠮ ᠬᠡᠪᠯᠡᠭᠦᠯᠵᠡᠢ᠃ ( ᠬᠠᠰ   ᠲᠦ᠍ᠩᠭᠠᠯᠠᠭ )