ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠫᠦᠷᠪᠦ᠂

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠫᠦᠷᠪᠦ᠂ ( 1941—— ) ᠰᠡᠳᠭᠦᠯᠴᠢ᠃ ᠮᠣᠩᠭᠤᠯ ᠤᠯᠤᠰ  ᠤᠨ ᠵᠠᠪᠬᠠᠨ ᠠᠢᠮᠠᠭ  ᠤᠨ ᠴᠠᠭᠠᠨᠴᠢᠯᠠᠭᠤ   ᠲᠦ᠍ ᠰᠤᠮᠤ  ᠵᠢᠨ ᠨᠤᠲᠤᠭ    ᠲᠦ᠍ ᠲᠥᠷᠦᠵᠡᠢ᠃ 1960 ᠣᠨ ᠳᠤ ᠤᠯᠠᠭᠠᠨᠪᠠᠭᠠᠲᠤᠷ ᠬᠣᠲᠠ  ᠵᠢᠨ ᠪᠠᠭᠰᠢ ᠪᠡᠯᠡᠳᠭᠡᠬᠦ ᠰᠤᠷᠭᠠᠭᠤᠯᠢ ᠲᠡᠭᠦᠰᠭᠡᠵᠦ᠂ 1969 ᠣᠨ ᠪᠣᠯᠲᠠᠯ᠎ᠠ ᠵᠠᠪᠬᠠᠨ ᠠᠢᠮᠠᠭ    ᠲᠦ᠍ ᠪᠠᠭ᠎ᠠ ᠰᠤᠷᠭᠠᠭᠤᠯᠢ  ᠵᠢᠨ ᠪᠠᠭᠰᠢ ᠪᠠᠢᠵᠤ᠂ ᠵᠠᠯᠭᠠᠭᠠᠳ 1973 ᠣᠨ ᠪᠣᠯᠲᠠᠯ᠎ᠠ ᠤᠯᠢᠶᠠᠰᠤᠲᠠᠢ ᠬᠣᠲᠠ ᠵᠢᠨ ᠳᠤᠮᠳᠠᠳᠤ ᠰᠤᠷᠭᠠᠭᠤᠯᠢ ᠳᠤ ᠪᠠᠭᠰᠢᠯᠠᠪᠠ᠃ 1977 ᠣᠨ ᠳᠤ ᠤᠯᠠᠭᠠᠨᠪᠠᠭᠠᠲᠤᠷ    ᠲᠦ᠍ ᠨᠠᠮ  ᠤᠨ ᠳᠡᠭᠡᠳᠦ ᠰᠤᠷᠭᠠᠭᠤᠯᠢ  ᠵᠢᠨ ᠰᠡᠳᠭᠦᠯᠴᠢ ᠮᠡᠷᠭᠡᠵᠢᠯ ᠢ ᠲᠡᠭᠦᠰᠦᠭᠡᠳ᠂ 《ᠦᠨᠡᠨ》 ᠰᠣᠨᠢᠨ ᠤ ᠬᠥᠳᠡᠭᠡ ᠠᠵᠤ ᠠᠬᠤᠶ  ᠵᠢᠨ ᠰᠤᠷᠪᠤᠯᠵᠢᠯᠠᠭᠴᠢ ᠪᠣᠯᠵᠤ᠂ ᠭᠣᠪᠢᠭᠯᠲᠠᠶ᠂ ᠬᠥᠪᠰᠦᠭᠦᠯ᠂ ᠠᠷᠤ ᠬᠠᠩᠭᠠᠶ᠂ ᠪᠠᠶᠠᠨᠬᠣᠩᠭᠤᠷ ᠵᠡᠷᠭᠡ ᠠᠢᠮᠠᠭ ᠤᠳ    ᠲᠦ᠍ l990 ᠣᠨ ᠬᠦᠷᠲᠡᠯ᠎ᠡ 13 ᠵᠢᠯ ᠰᠤᠷᠪᠤᠯᠵᠢᠯᠠᠭᠴᠢ  ᠵᠢᠨ ᠠᠵᠢᠯ ᠬᠢᠵᠠᠶ᠂ ᠭᠡᠬᠦ ᠳᠡᠭᠡᠨ ᠮᠠᠯ ᠠᠵᠤ ᠠᠬᠤᠶ  ᠵᠢᠨ  ᠲᠤᠰᠭᠠᠢ ᠣᠯᠠᠨ ᠮᠡᠳᠡᠭᠡ ᠲᠡᠮᠳᠡᠭᠯᠡᠯ ᠪᠢᠴᠢᠵᠦ᠂ ᠬᠥᠳᠡᠭᠡ ᠠᠵᠤ ᠠᠬᠤᠶ ᠶᠢ ᠵᠠᠬ᠎ᠠ ᠵᠡᠭᠡᠯᠢ ᠳᠦ ᠣᠷᠤᠭᠤᠯᠬᠤ ᠠᠰᠠᠭᠤᠳᠠᠯ ᠢ ᠭᠣᠣᠯᠳᠠᠶ ᠠᠩᠬᠠᠷ ᠤᠨ   ᠲᠦ᠍ᠰᠬᠠᠵᠠᠶ᠃ ᠲᠡᠭᠦᠨ ᠦ ᠪᠢᠴᠢᠭᠰᠡᠨ 《ᠬᠥᠪᠴᠢ ᠲᠠᠢᠭ᠎ᠠ  ᠵᠢᠨ ᠰᠠᠢ ᠴᠤ᠌ᠳ》 ( B83 )᠂ 《ᠬᠣᠩᠭᠤᠷ ᠨᠤᠲᠤᠭ  ᠤᠨ ᠬᠵᠢᠨ》 ( 1984 )᠂ 《ᠤᠷᠠᠯᠢᠭ  ᠤᠨ ᠤᠪᠠᠳᠢᠰ》 ( 1985 )᠂ 《ᠮᠠᠨ ᠤ ᠪᠠᠬᠠᠷᠠᠯ》 ( 1987 ) ᠵᠡᠷᠭᠡ ᠮᠡᠳᠡᠭᠡᠯᠡᠯ ᠲᠡᠮᠳᠡᠭᠯᠡᠯ ᠨᠠᠢᠷᠠᠭᠤᠯᠤᠯ ᠨᠢ ᠤᠩᠰᠢᠭᠴᠢᠳ  ᠤᠨ ᠳᠤᠮᠳᠠ ᠥᠷᠭᠡᠨ ᠨᠥᠯᠦᠭᠡ ᠲᠡᠢ᠃ ᠪᠠᠰᠠ 《ᠬᠥᠪᠰᠦᠭᠦᠯ》 ( 1982 )᠂ 《ᠲᠡᠮᠡᠭᠡᠴᠢᠳ》 ( 1986 ) ᠵᠡᠷᠭᠡ ᠪᠠᠷᠢᠮᠲᠠᠲᠤ ᠺᠢᠨᠣ᠋ ᠪᠦᠲᠦᠭᠡᠵᠡᠢ᠃ ᠲᠡᠭᠦᠨ ᠦ ᠬᠥᠳᠡᠯᠮᠦᠷᠢ ᠶ᠋ᠢ ᠲᠦᠷᠥ ᠡᠴᠡ ᠦᠨᠡᠯᠡᠵᠦ᠂ 1990 ᠣᠨ ᠳᠤ ᠤᠯᠤᠰ ᠠᠴᠠ ᠠᠯᠲᠠᠨ ᠭᠠᠳᠠᠰᠤ ᠣᠳᠣᠨ ᠢᠶᠠᠷ ᠱᠠᠩᠨᠠᠵᠤ᠂ ᠰᠣᠶᠤᠯ ᠤ᠋ᠨ ᠭᠠᠪᠢᠶᠠᠲᠦ᠍ ᠵᠢᠳᠭᠦᠯᠲᠡᠨ ᠴᠣᠯᠠ ᠣᠯᠭᠤᠵᠠᠢ᠃