ᠨᠡᠷ᠎ᠡ:
ᠪᠦᠷᠭᠦᠳ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪᠦᠷᠭᠦᠳ ( 1948—— ) ᠬᠢᠨᠠᠨ ᠨᠠᠢᠷᠠᠭᠤᠯᠤᠭᠴᠢ᠃ ᠰᠢᠨᠵᠢᠶᠠᠩ ᠤᠨ ᠪᠠᠶᠠᠨᠭᠣᠣᠯ ᠵᠧᠦ ᠵᠢᠨ ᠪᠤᠰᠠᠲᠦ᠍ᠨᠠᠭᠤᠷ ᠰᠢᠶᠠᠨ ᠳᠤ ᠲᠥᠷᠦᠵᠡᠢ᠃ 1962 ᠣᠨ ᠳᠤ ᠪᠠᠶᠠᠨᠭᠣᠣᠯ ᠵᠧᠦ ᠵᠢᠨ ᠭᠥᠷᠯᠡ ᠬᠣᠲᠠ ᠳᠠᠬᠢ 2 ᠳ᠋ᠤᠭᠠᠷ ᠳᠤᠮᠳᠠᠳᠤ ᠰᠤᠷᠭᠠᠭᠤᠯᠢ ᠳᠤ ᠰᠤᠷᠤᠯᠴᠠᠵᠤ᠂ 1965 ᠣᠨ ᠳᠤ ᠰᠢᠨᠵᠢᠶᠠᠩ ᠤᠨ ᠲᠠᠷᠢᠶᠠᠯᠠᠩ ᠤᠨ ᠳᠡᠭᠡᠳᠦ ᠰᠤᠷᠭᠠᠭᠤᠯᠢ ᠵᠢᠨ ᠲᠠᠷᠢᠶᠠᠯᠠᠩ ᠤᠰ ᠤᠨ ᠠᠰᠢᠭᠯᠠᠯᠲᠠ ᠵᠢᠨ ᠲᠤᠰᠭᠠᠢ ᠮᠡᠷᠭᠡᠵᠢᠯ ᠦᠨ ᠰᠠᠯᠪᠤᠷᠢ ᠳᠤ ᠰᠤᠷᠤᠯᠴᠠᠨ ᠲᠡᠭᠦᠰᠦᠭᠡᠳ᠂ 1970 ᠣᠨ ᠳᠤ ᠬᠥᠳᠡᠭᠡ ᠪᠠᠭᠤᠵᠤ ᠳᠠᠬᠵᠢᠨ ᠰᠤᠷᠭᠠᠨ ᠬᠥᠮᠦᠵᠢᠯ ᠬᠦᠷᠲᠡᠪᠡ᠃ 1972 ᠣᠨ ᠳᠤ ᠰᠢᠨᠵᠢᠶᠠᠩ ᠤᠨ ᠤᠢᠭᠤᠷ ᠤᠨ ᠥᠪᠡᠷᠲᠡᠭᠡᠨ ᠵᠠᠰᠠᠬᠤ ᠣᠷᠤᠨ ᠤ᠋ ᠬᠤᠪᠢᠰᠭᠠᠯ ᠤ᠋ᠨ ᠵᠥᠪᠯᠡᠯ ᠦ᠋ᠨ ᠣᠷᠴᠢᠭᠤᠯᠤᠭᠴᠢ ᠪᠠᠢᠭᠰᠠᠨ ᠢᠶᠠᠨ 1985 ᠣᠨ ᠳᠤ 《ᠨᠠᠮ ᠤᠨ ᠡᠭᠦᠷ ᠦᠨ ᠠᠮᠢᠳᠤᠷᠠᠯ》 ᠰᠡᠳᠭᠦᠯ ᠳ᠋ᠦ᠍ ᠠᠵᠢᠯ ᠰᠢᠯᠵᠢᠨ ᠮᠣᠩᠭᠤᠯ ᠬᠡᠪᠯᠡᠯ ᠢ ᠰᠡᠷᠭᠦᠭᠡᠬᠦ ᠠᠵᠢᠯ ᠢ ᠬᠠᠷᠢᠭᠤᠴᠠᠪᠠ᠃ 1987 ᠣᠨ ᠳᠤ ᠰᠡᠳᠭᠦᠯ ᠦ᠋ᠨ ᠳᠡᠳ᠋ ᠶᠡᠷᠦᠩᠬᠡᠶ ᠨᠠᠢᠷᠠᠭᠤᠯᠤᠭᠴᠢ ᠪᠣᠯᠵᠤ᠂ 1989 ᠣᠨ ᠳᠤ ᠰᠢᠨᠵᠢᠶᠠᠩ ᠤᠨ ᠠᠷᠠᠳ ᠤᠨ ᠬᠡᠪᠯᠡᠯ ᠦᠨ ᠬᠣᠷᠢᠶ᠎ᠠ ᠵᠢᠨ ᠳᠡᠳ᠋ ᠶᠡᠷᠦᠩᠬᠡᠶ ᠨᠠᠢᠷᠠᠭᠤᠯᠤᠭᠴᠢ ᠵᠢᠨ ᠲᠤᠰᠢᠶᠠᠯ ᠳᠤ ᠭᠠᠷᠪᠠ᠃ ᠰᠡᠳᠭᠦᠯ ᠪᠠ ᠬᠡᠪᠯᠡᠯ ᠦᠨ ᠠᠵᠢᠯ ᠢ ᠬᠠᠷᠢᠭᠤᠴᠠᠵᠤ ᠶᠠᠪᠤᠬᠤ ᠳᠠᠭᠠᠨ ᠣᠯᠠᠨ ᠠᠷᠪᠢᠨ ᠴᠢᠨᠠᠷᠯᠢᠭ ᠵᠣᠬᠢᠶᠠᠯ ᠪᠠ ᠨᠣᠮ ᠪᠢᠴᠢᠭ ᠢ ᠬᠡᠪᠯᠡᠵᠦ ᠨᠡᠢᠲᠡᠯᠡᠬᠦ ᠠᠵᠢᠯ ᠢ ᠵᠣᠬᠢᠶᠠᠨ ᠪᠠᠢᠭᠤᠯᠵᠤ ᠬᠢᠭᠰᠡᠨ ᠦ ᠬᠠᠮᠲᠤ 《ᠣᠳᠣᠨ ᠣᠷᠤᠨ ᠢ᠋ᠶ᠋ᠠᠷ ᠠᠶᠠᠯᠠᠶ᠎ᠠ》᠂ 《ᠥᠨᠢᠷ ᠪᠠᠶᠠᠨ ᠲᠡᠯᠡᠶ ᠲᠠᠩᠭᠢᠰ ᠢ ᠨᠡᠭᠡᠭᠡᠵᠦ ᠠᠰᠢᠭᠯᠠᠶ᠎ᠠ》᠂ 《ᠢᠷᠭᠡᠨ ᠦ ᠵᠠᠷᠭᠤ ᠵᠢᠨ ᠬᠠᠤᠯᠢ ᠵᠢᠨ ᠠᠰᠠᠭᠤᠯᠲᠠ ᠬᠠᠷᠢᠭᠤᠯᠲᠠ》᠂ 《ᠨᠠᠰᠤᠲᠠᠢ ᠴᠤ᠌ᠳ ᠤᠨ ᠡᠷᠡᠭᠦᠯ ᠡᠩᠬᠡ ᠵᠢᠨ ᠮᠡᠳᠡᠯᠭᠡ》 ᠵᠡᠷᠭᠡ ᠨᠣᠮ ᠣᠷᠴᠢᠭᠤᠯ ᠤᠨ ᠬᠡᠪᠯᠡᠭᠦᠯᠪᠡ᠃ 《ᠨᠣᠮ ᠪᠢᠴᠢᠭ ᠦᠨ ᠨᠠᠢᠷᠠᠭᠤᠯᠤᠭᠴᠢᠳ ᠤᠨ ᠪᠣᠯᠪᠠᠰᠤᠷᠠᠯ ᠤᠨ ᠲᠤᠰᠭᠠᠢ ᠲᠦᠬᠥᠮ ᠥᠭᠦᠯᠡᠬᠦ ᠨᠢ》᠂ 《ᠨᠠᠢᠷᠠᠭᠤᠯᠤᠭᠴᠢ ᠪᠠ ᠵᠣᠬᠢᠶᠠᠭᠴᠢ ᠵᠢᠨ ᠨᠡᠢᠭᠡᠮ ᠦᠨ ᠬᠠᠷᠢᠭᠤᠴᠠᠯᠭ᠎ᠠ ᠵᠢᠨ ᠲᠤᠰᠭᠠᠢ ᠲᠦᠬᠥᠮ ᠥᠭᠦᠯᠡᠬᠦ ᠨᠢ》 ᠵᠡᠷᠭᠡ ᠥᠭᠦᠯᠡᠯ ᠨᠠᠢᠳᠠᠯᠠᠵᠠᠢ᠃
Copyight 2016 by nmgmzw.gov.cn All Rights Reserved