ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠦᠷᠢᠨᠲᠡᠭᠦᠰ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠦᠷᠢᠨᠲᠡᠭᠦᠰ ( 1948~ ) ᠬᠢᠨᠠᠨ ᠨᠠᠢᠷᠠᠭᠤᠯᠤᠭᠴᠢ᠂ ᠲᠣᠯᠢᠴᠢ᠃ ᠥᠪᠦᠷ ᠮᠣᠩᠭᠤᠯ ᠤ᠋ᠨ ᠪᠠᠭᠠᠷᠢᠨ ᠪᠠᠷᠠᠭᠤᠨ ᠬᠣᠰᠢᠭᠤᠨ ᠳᠤ ᠲᠥᠷᠦᠵᠡᠢ᠃ 1966 ᠣᠨ ᠳᠤ ᠳᠡᠭᠡᠳᠦ ᠵᠡᠷᠭᠡ  ᠵᠢᠨ ᠳᠤᠮᠳᠠᠳᠤ ᠰᠤᠷᠭᠠᠭᠤᠯᠢ ᠲᠡᠭᠦᠰᠭᠡᠵᠦ ᠬᠥᠳᠡᠭᠡ ᠨᠤᠲᠤᠭ ᠲᠠᠭᠠᠨ ᠪᠠᠭᠤᠵᠤ ᠪᠠᠭ᠎ᠠ ᠰᠤᠷᠭᠠᠭᠤᠯᠢ ᠳᠤ ᠪᠠᠭᠰᠢᠯᠠᠨ 1973 ᠣᠨ ᠳᠤ ᠪᠠᠷᠠᠭᠤᠨ ᠬᠣᠢᠲᠤ  ᠵᠢᠨ ᠪᠠᠭᠰᠢ  ᠵᠢᠨ ᠶᠡᠬᠡ ᠰᠤᠷᠭᠠᠭᠤᠯᠢ  ᠵᠢᠨ ᠭᠠᠳᠠᠭᠠᠳᠤ ᠬᠡᠯᠡᠨ ᠦ ᠰᠠᠯᠪᠤᠷᠢ ᠳᠤ ᠣᠷᠤᠵᠤ ᠰᠤᠷᠤᠯᠴᠠᠭᠠᠳ᠂ 1975 ᠣᠨ ᠳᠤ ᠲᠡᠭᠦᠰ ᠴᠤ᠌᠂ ᠯᠢᠶᠣᠣᠨᠢᠩ  ᠤᠨ ᠠᠷᠠᠳ  ᠤᠨ ᠬᠡᠪᠯᠡᠯ ᠦᠨ ᠬᠣᠷᠢᠶ᠎ᠠ  ᠵᠢᠨ ᠮᠣᠩᠭᠤᠯ ᠬᠡᠯᠡᠨ ᠦ ᠨᠠᠢᠷᠠᠭᠤᠯ ᠤᠨ ᠣᠷᠴᠢᠭᠤᠯᠬᠤ ᠬᠡᠷ ᠲᠦ ᠨᠠᠢᠷᠠᠭᠤᠯᠤᠭᠴᠢ ᠪᠠ ᠨᠠᠢᠷᠠᠭᠤᠯᠬᠤ ᠳᠡᠳ᠋ ᠳᠠᠷᠤᠭ᠎ᠠ ᠪᠠᠷ ᠠᠵᠢᠯᠯᠠᠵᠤ ᠥᠩᠭᠡᠷᠡᠵᠡᠢ᠃ ᠣᠲᠣ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠬᠡᠪᠯᠡᠯ ᠦᠨ ᠬᠣᠷᠢᠶ᠎ᠠ  ᠵᠢᠨ ᠬᠢᠨᠠᠨ ᠨᠠᠢᠷᠠᠭᠤᠯᠤᠭᠴᠢ ᠪᠠᠷ ᠠᠵᠢᠯᠯᠠᠵᠤ ᠪᠠᠢᠨ᠎ᠠ᠃ ᠳᠤᠮᠳᠠᠳᠤ ᠤᠯᠤᠰ  ᠤᠨ ᠮᠣᠩᠭᠤᠯ ᠬᠡᠯᠡ ᠪᠢᠴᠢᠭ ᠦᠨ ᠰᠢᠨᠵᠢᠯᠡᠭᠡᠨ ᠦ ᠨᠡᠢᠭᠡᠮᠯᠢᠭ ᠦᠨ ᠭᠡᠰᠢᠭᠦᠨ᠂ ᠣᠯᠠᠨ ᠤᠯᠤᠰ  ᠤᠨ ᠮᠣᠩᠭᠤᠯᠴᠢ ᠡᠷᠳᠡᠮᠲᠡᠨ ᠦ ᠬᠣᠯᠪᠤᠭ᠎ᠠ   ᠵᠢᠨ ᠭᠡᠰᠢᠭᠦᠨ᠂ ᠥᠪᠦᠷ ᠮᠣᠩᠭᠤᠯ ᠤ᠋ᠨ ᠶᠡᠬᠡ ᠰᠤᠷᠭᠠᠭᠤᠯᠢ  ᠵᠢᠨ ᠲᠤᠰᠢᠶᠠᠯ ᠬᠠᠪᠰᠤᠷᠭᠠᠭᠰᠠᠨ ᠰᠤᠳᠤᠯᠤᠭᠴᠢ᠂ ᠮᠣᠩᠭᠤᠯ ᠤᠯᠤᠰ  ᠤᠨ ᠤᠯᠤᠰ  ᠤᠨ ᠶᠡᠬᠡ ᠰᠤᠷᠭᠠᠭᠤᠯᠢ  ᠵᠢᠨ ᠭᠠᠳᠠᠭᠠᠳᠤ ᠫᠷᠣᠹᠧᠰᠰᠣᠷ᠂ ᠤᠯᠤᠰ  ᠤᠨ 9 ᠳ᠋ᠦ᠍ᠭᠡᠷ᠂ 10 ᠳ᠋ᠤᠭᠠᠷ 5 ᠵᠢᠯ ᠦᠨ ᠲᠥᠯᠦᠪᠯᠡᠭᠡᠨ ᠦ᠌ ᠭᠣᠣᠯᠳᠠᠯᠭ᠎ᠠ ᠲᠠᠢ ᠬᠡᠪᠯᠡᠬᠦ ᠨᠣᠮ 《ᠮᠣᠩᠭᠤᠯ ᠵᠠᠩ ᠦᠢᠯᠡ  ᠵᠢᠨ ᠨᠡᠪᠲᠡᠷᠬᠡᠶ ᠲᠣᠯᠢ》  ᠵᠢᠨ ᠡᠷᠬᠢᠯᠡᠨ ᠨᠠᠢᠷᠠᠭᠤᠯᠤᠭᠴᠢ᠂ ᠤᠯᠤᠰ  ᠤᠨ ᠨᠡᠢᠭᠡᠮ ᠦᠨ ᠰᠢᠨᠵᠢᠯᠡᠬᠦ ᠤᠬᠠᠭᠠᠨ ᠤ ᠰᠠᠭᠤᠷᠢ ᠮᠥᠩᠭᠦ ᠪᠡᠷ ᠭᠦᠢᠴᠡᠳᠬᠡᠬᠦ᠂ ᠤᠯᠤᠰ  ᠤᠨ 10 ᠳ᠋ᠤᠭᠠᠷ 5 ᠵᠢᠯ ᠦᠨ ᠲᠥᠯᠦᠪᠯᠡᠭᠡᠨ ᠦ᠌ ᠭᠣᠣᠯᠳᠠᠯᠭ᠎ᠠ ᠲᠠᠢ ᠬᠡᠪᠯᠡᠬᠦ ᠨᠣᠮ 《ᠮᠣᠩᠭᠤᠯ ᠰᠤᠳᠤᠯᠤᠯ  ᠤᠨ ᠨᠡᠪᠲᠡᠷᠬᠡᠶ ᠲᠣᠯᠢ》  ᠵᠢᠨ ᠵᠠᠩ ᠦᠢᠯᠡ  ᠵᠢᠨ ᠪᠣᠲᠢ ᠪᠣᠯ ᠤᠨ ᠪᠡᠶ᠎ᠡ ᠲᠠᠮᠢᠷ  ᠤᠨ ᠪᠣᠲᠢ  ᠵᠢᠨ ᠳᠡᠳ᠋ ᠡᠷᠬᠢᠯᠡᠨ ᠨᠠᠢᠷᠠᠭᠤᠯᠤᠭᠴᠢ᠂ ᠤᠯᠤᠰ  ᠤᠨ 10 ᠳ᠋ᠤᠭᠠᠷ 5 ᠵᠢᠯ ᠦᠨ ᠲᠥᠯᠦᠪᠯᠡᠭᠡᠨ ᠦ᠌ ᠭᠣᠣᠯᠳᠠᠯᠭ᠎ᠠ ᠲᠠᠢ ᠬᠡᠪᠯᠡᠬᠦ ᠨᠣᠮ 《ᠬᠢᠲᠠᠳ ᠮᠣᠩᠭᠤᠯ ᠶᠡᠬᠡ ᠲᠣᠯᠢ》  ᠵᠢᠨ ᠨᠠᠢᠷᠠᠭᠤᠯᠬᠤ ᠺᠣᠮᠢᠰ  ᠤᠨ ᠭᠡᠰᠢᠭᠦᠨ᠂ ᠮᠣᠩᠭᠤᠯ ᠤᠯᠤᠰ  ᠤᠨ 《ᠬᠡᠦᠬᠡᠳ ᠦ᠋ᠨ ᠨᠡᠪᠲᠡᠷᠬᠡᠶ ᠲᠣᠯᠢ》 ᠨᠠᠢᠷᠠᠭᠤᠯᠬᠤ ᠺᠣᠮᠢᠰ  ᠤᠨ ᠣᠨᠴᠠ ᠤᠷᠢᠭᠳᠠᠭᠰᠠᠨ ᠭᠡᠰᠢᠭᠦᠨ᠂ ᠰᠢᠶᠠᠩᠭᠠᠩ ᠳᠠᠬᠢ ᠳᠤᠮᠳᠠᠳᠤ ᠤᠯᠤᠰ  ᠤᠨ ᠤᠯᠤᠰ  ᠤᠨ ᠬᠣᠭᠤᠷᠤᠨᠳᠤᠬᠢ ᠰᠣᠯᠢᠯᠴᠠᠭᠠᠨ ᠤ ᠬᠡᠪᠯᠡᠯ ᠦᠨ ᠬᠣᠷᠢᠶ᠎ᠠ  ᠵᠢᠨ ᠨᠠᠢᠷᠠᠭᠤᠯᠬᠤ ᠺᠣᠮᠢᠰ  ᠤᠨ ᠣᠨᠴᠠ ᠤᠷᠢᠭᠳᠠᠭᠰᠠᠨ ᠵᠥᠪᠯᠡᠭᠴᠢ ᠭᠡᠰᠢᠭᠦᠨ᠂ ᠳᠡᠯᠡᠬᠡᠶ  ᠵᠢᠨ ᠰᠣᠶᠤᠯ ᠤᠷᠠᠯᠢᠭ ᠰᠤᠳᠤᠯᠬᠤ ᠲᠥᠪ ᠦ᠋ᠨ ᠣᠨᠴᠠ ᠤᠷᠢᠭᠳᠠᠭᠰᠠᠨ ᠭᠡᠰᠢᠭᠦᠨ ᠵᠡᠷᠭᠡ    ᠲᠤᠰᠢᠶᠠᠯ ᠢ ᠬᠠᠪᠰᠤᠷᠭᠠᠨ ᠡᠭᠦᠷᠭᠡᠯᠡᠵᠦ ᠪᠠᠢᠨ᠎ᠠ᠃ ᠲᠡᠭᠦᠨ ᠦ 1968 ᠣᠨ ᠠᠴᠠ 1977 ᠣᠨ ᠤ 10 ᠵᠢᠯ ᠦᠨ ᠬᠤᠭᠤᠴᠠᠭᠠᠨ ᠳᠤ ᠨᠠᠢᠷᠠᠭᠤᠯᠤᠭᠰᠠᠨ 《ᠮᠣᠩᠭᠤᠯ ᠬᠡᠯᠡᠨ ᠦ ᠵᠥᠪ ᠳᠠᠭᠤᠳᠠᠯᠭ᠎ᠠ ᠵᠥᠪ ᠪᠢᠴᠢᠯᠭᠡ  ᠵᠢᠨ ᠲᠣᠯᠢ》 ( 2 ᠲᠦᠮᠡᠨ ᠵᠤᠷᠪᠤᠰ᠂ 36 ᠲᠦᠮᠡᠨ ᠦᠰᠥᠭ ᠲᠡᠢ᠂ 1977 ᠣᠨ ᠳᠤ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦᠨ ᠬᠣᠷᠢᠶ᠎ᠠ ᠬᠡᠪᠯᠡᠭᠦᠯᠵᠡᠢ ) ᠨᠢ ᠮᠣᠩᠭᠤᠯ ᠬᠡᠯᠡᠨ ᠦ ᠠᠩᠬᠠᠳᠠᠭᠴᠢ ᠵᠥᠪ ᠳᠠᠭᠤᠳᠠᠯᠭ᠎ᠠ  ᠵᠢᠨ ᠲᠣᠯᠢ ᠪᠣᠯᠵᠤ᠂ 1979 ᠣᠨ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠰᠤᠷ ᠴᠤ᠌ ᠬᠡᠷᠡᠭᠯᠡᠭᠰᠡᠨ ᠨᠢᠭᠡᠳᠦᠭᠡᠷ ᠲᠠᠰ  ᠤᠨ ᠱᠠᠩᠨᠠᠯ ᠬᠦᠷᠲᠡᠭᠰᠡᠨ ᠪᠥᠭᠡᠳ 1992 ᠣᠨ ᠳᠤ ᠶᠠᠫᠣᠨ ᠳᠤ ᠣᠷᠴᠢᠭᠤᠯᠤᠭᠳᠠᠵᠤ 《ᠮᠣᠩᠭᠤᠯ ᠶᠠᠫᠣᠨ ᠲᠣᠯᠢ》 ᠭᠡᠰᠡᠨ ᠨᠡᠷ᠎ᠡ ᠪᠡᠷ ᠬᠡᠪᠯᠡᠭᠳᠡᠵᠡᠢ᠃ 1977 ᠣᠨ ᠠᠴᠠ 1986 ᠣᠨ ᠤ 10 ᠵᠢᠯ ᠦᠨ ᠬᠤᠭᠤᠴᠠᠭᠠᠨ ᠳᠤ ᠨᠠᠢᠷᠠᠭᠤᠯᠤᠭᠰᠠᠨ 《ᠮᠣᠩᠭᠤᠯ ᠬᠡᠯᠡᠴᠡ  ᠵᠢᠨ ᠲᠡᠯᠡᠶ》 ( 3 ᠲᠦᠮᠡᠨ ᠵᠤᠷᠪᠤᠰ᠂ 190 ᠲᠦᠮᠡᠨ ᠦᠰᠥᠭ ᠲᠡᠢ᠂ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠣᠷᠢᠶ᠎ᠠ ᠬᠡᠪᠯᠡᠭᠦᠯᠵᠡᠢ ) ᠨᠢ ᠮᠣᠩᠭᠤᠯ ᠬᠡᠯᠡᠴᠡ  ᠵᠢᠨ ᠠᠩᠬᠠᠳᠠᠭᠴᠢ ᠲᠣᠮᠣ ᠲᠠᠢᠯᠪᠤᠷᠢ ᠲᠣᠯᠢ ᠪᠣᠯᠵᠤ᠂ 1988 ᠣᠨ ᠳᠤ ᠳᠤᠮᠳᠠᠳᠤ ᠤᠯᠤᠰ  ᠤᠨ ᠮᠣᠩᠭᠤᠯ ᠤᠳᠭ᠎ᠠ ᠵᠣᠬᠢᠶᠠᠯ  ᠤᠨ ᠰᠢᠨᠵᠢᠯᠡᠭᠡᠨ ᠦ ᠨᠡᠢᠭᠡᠮᠯᠢᠭ ᠦᠨ ᠰᠢᠯᠢᠳᠡᠭ ᠪᠦᠲᠦᠭᠡᠯ ᠦᠨ ᠱᠠᠩᠨᠠᠯ ᠬᠦᠷᠲᠡᠵᠡᠶ᠃ ᠲᠡᠷᠡ ᠪᠡᠷ᠂ 1978 ᠣᠨ ᠠᠴᠠ 1989 ᠣᠨ ᠤ ᠬᠤᠭᠤᠴᠠᠭᠠᠨ ᠳᠤ ᠵᠢᠷᠠᠭᠠᠳ ᠣᠨ ᠠᠴᠠ ᠡᠬᠢᠯᠡᠨ ᠨᠠᠢᠷᠠᠭᠤᠯᠤᠭᠰᠠᠨ ᠥᠪᠦᠷ ᠮᠣᠩᠭᠤᠯ ᠣᠷᠤᠨ ᠤ᠋ ᠭᠣᠣᠯᠳᠠᠯᠭ᠎ᠠ ᠲᠠᠢ ᠰᠤᠳᠤᠯᠭᠠᠨ ᠤ ᠰᠡᠳᠦᠪ ᠪ ᠣᠯᠠᠨᠤ 《ᠮᠣᠩᠭᠤᠯ ᠬᠡᠯᠡᠨ ᠦ ᠲᠣᠯᠢ》 《7 ᠲᠦᠮᠡ ᠭᠠᠷᠤᠶ ᠵᠤᠷᠪᠤᠰ᠂ 300 ᠲᠦᠮᠡᠨ ᠦᠰᠥᠭ ᠲᠡᠢ᠂ 1999 ᠣᠨ ᠳᠤ ᠥᠪᠦᠷ ᠮᠣᠩᠭᠤᠯ ᠤ᠋ᠨ ᠠᠷᠠᠳ  ᠤᠨ ᠬᠡᠪᠯᠡᠯ ᠦᠨ ᠬᠣᠷᠢᠶ᠎ᠠ ᠬᠡᠪᠯᠡᠭᠦᠯᠵᠡᠢ )  ᠵᠢᠨ ᠠᠩᠬᠠᠨ ᠤ ᠬᠢᠨᠠᠯᠲᠠ ᠪᠠ ᠡ ᠴᠤ᠌ᠰ ᠦᠨ ᠬᠢᠨᠠᠯᠲᠠ ᠳᠤ ᠤᠷᠢᠭᠳᠠᠨ ᠣᠷᠤᠯᠴᠠᠵᠤ᠂ ᠬᠢᠨᠠᠯᠲᠠ  ᠵᠢᠨ ᠶᠠᠪᠤᠴᠠ ᠳᠠᠭᠠᠨ ᠲᠤᠰ ᠳᠤᠯᠵᠢᠨ ᠳ᠋ᠤ᠌ ᠬᠡᠳᠦᠨ ᠮᠢᠩᠭᠠᠨ ᠵᠤᠷᠪᠤᠰ ᠳᠡᠳ᠋ ᠲᠣᠯᠦ᠍ᠭᠠᠶ ᠦᠭᠡ ᠨᠥᠬᠦᠨ ᠨᠠᠢᠷᠠᠭᠤᠯᠵᠤ ᠥᠭᠴᠡᠢ᠃ ᠪᠠᠰᠠ ᠨᠠᠶᠠᠭᠠᠳ ᠣᠨ ᠤ ᠰᠡᠭᠦᠯᠴᠢ ᠶᠡᠷᠡᠭᠡᠳ ᠣᠨ ᠤ ᠡᠬᠢ ᠪᠡᠷ ᠳᠤᠮᠳᠠᠳᠤ ᠤᠯᠤᠰ  ᠤᠨ ᠶᠡᠬᠡ ᠨᠡᠪᠲᠡᠷᠬᠡᠶ ᠳᠤᠯᠵᠢᠨ ᠤ᠋ ᠬᠡᠪᠯᠡᠯ ᠦᠨ ᠬᠣᠷᠢᠶ᠎ᠠ ᠳᠤ ᠤᠷᠢᠭᠳᠠᠵᠤ᠂ 《ᠳᠤᠮᠳᠠᠳᠤ ᠤᠯᠤᠰ  ᠤᠨ ᠢᠳᠡᠭᠡᠨ ᠤᠮᠳᠠᠭᠠᠨ ᠤ ᠨᠡᠪᠲᠡᠷᠬᠡᠶ ᠲᠣᠯᠢ》 ( 1992 ᠣᠨ ᠳᠤ ᠳᠤᠮᠳᠠᠳᠤ ᠤᠯᠤᠰ  ᠤᠨ ᠶᠡᠬᠡ ᠨᠡᠪᠲᠡᠷᠬᠡᠶ ᠳᠤᠯᠵᠢᠨ ᠤ᠋ ᠬᠡᠪᠯᠡᠯ ᠦᠨ ᠬᠣᠷᠢᠶ᠎ᠠ ᠬᠡᠪᠯᠡᠭᠦᠯᠵᠡᠢ ) ᠳᠦ ᠮᠣᠩᠭᠤᠯ ᠦᠨᠳᠦᠰᠦᠲᠡᠨ ᠦ ᠢᠳᠡᠭᠡᠨ ᠤᠮᠳᠠᠭᠠᠨ ᠤ ᠪᠦᠯᠦᠭ ᠢ ᠨᠠᠢᠷᠠᠭᠤᠯᠵᠤ ᠥᠭᠴᠡᠢ᠃ ᠪᠦᠷᠢᠨᠲᠡᠭᠦᠰ 1975 ᠣᠨ ᠠᠴᠠ ᠡᠬᠢᠯᠡᠵᠦ ᠬᠡᠪᠯᠡᠯ ᠦᠨ ᠬᠣᠷᠢᠶ᠎ᠠ ᠳᠤ ᠨᠠᠢᠷᠠᠭᠤᠯᠤᠭᠴᠢ  ᠵᠢᠨ ᠠᠵᠢᠯ ᠬᠢᠭᠰᠡᠨ ᠡᠴᠡ ᠠᠪᠤᠭᠠᠳ ᠬᠡᠳᠦᠨ ᠠᠷᠪᠠᠨ ᠲᠥᠷᠦᠯ ᠦ᠋ᠨ ᠨᠣᠮ ᠢ ᠬᠠᠷᠢᠭᠤᠴᠠᠨ ᠨᠠᠢᠷᠠᠭᠤᠯᠤᠭᠰᠠᠨ ᠪᠥᠭᠡᠳ ᠲᠡᠭᠦᠨ ᠦ ᠬᠠᠷᠢᠭᠤᠴᠠᠨ ᠨᠠᠢᠷᠠᠭᠤᠯᠤᠭᠰᠠᠨ ᠨᠣᠮ ᠨᠢ ᠴᠢᠨᠠᠷ ᠴᠢᠨᠰᠠᠭ᠎ᠠ᠂ ᠬᠡᠯᠡ ᠨᠠᠢᠷᠠᠭᠤᠯᠭ᠎ᠠ  ᠵᠢᠨ ᠬᠤᠪᠢ ᠳᠤ ᠨᠡᠢᠭᠡᠮ ᠨᠡᠢᠲᠡ  ᠵᠢᠨ ᠮᠠᠰᠢ ᠰᠠᠵᠢᠨ ᠨᠥᠯᠦᠭᠡ ᠲᠦ᠍ᠰᠬᠠᠯ ᠲᠠᠢ ᠪᠣᠯᠬᠣᠷ ᠤᠯᠤᠰ  ᠤᠨ ᠬᠠᠮᠤᠭ ᠳᠡᠭᠡᠳᠦ ᠱᠠᠩᠨᠠᠯ ᠢ ᠪᠠᠭᠲᠠᠭᠠᠭᠰᠠᠨ ᠤᠯᠤᠰ  ᠤᠨ ᠳᠣᠲᠤᠭᠠᠳᠤ ᠭᠠᠳᠠᠭᠠᠳᠤ  ᠵᠢᠨ ᠱᠠᠩᠨᠠᠯ ᠢ ᠬᠣᠷᠢᠭᠠᠳ ᠤᠳᠠᠭ᠎ᠠ ᠬᠦᠷᠲᠡᠵᠡᠶ᠃   ᠲᠦ᠍ᠬᠠᠢᠯᠠᠪᠠᠯ᠂ 《ᠡᠮᠲᠦ ᠠᠮᠢᠲᠠᠨ》 ᠨᠢ 1982 ᠣᠨ ᠳᠤ ᠪᠦᠬᠥ ᠤᠯᠤᠰ  ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠰᠢᠯᠢᠳᠡᠭ ᠨᠣᠮ  ᠤᠨ 2 ᠳ᠋ᠤᠭᠠᠷ ᠲᠠᠰ  ᠤᠨ ᠱᠠᠩᠨᠠᠯ ᠬᠦᠷᠲᠡᠭᠰᠡᠨ ᠪᠠ 《ᠮᠣᠩᠭᠤᠯ ᠤ᠋ᠨ ᠢᠳᠡᠭᠡᠨ ᠲᠣᠪᠴᠢᠶ᠎ᠠ》 ᠨᠢ 1988 ᠣᠨ ᠳᠤ ᠤᠮᠠᠷᠠ   ᠲᠦ᠍  ᠵᠢᠨ 10 ᠮᠤᠵᠢ ᠬᠣᠲᠠ ᠣᠷᠤᠨ ᠤ᠋ ᠰᠢᠯᠢᠳᠡᠭ ᠨᠣᠮ  ᠤᠨ ᠱᠠᠩᠨᠠᠯ᠂ 8 ᠮᠤᠵᠢ ᠬᠣᠲᠠ ᠣᠷᠤᠨ ᠤ᠋ ᠠᠯᠳᠠᠷ ᠬᠦᠨᠳᠦᠲᠦ ᠱᠠᠩᠨᠠᠯ ᠬᠦᠷᠲᠡᠵᠦ᠂ 1991 ᠣᠨ ᠳᠤ ᠮᠣᠩᠭᠤᠯ ᠤᠯᠤᠰ  ᠤᠨ ᠤᠯᠠᠭᠠᠨᠪᠠᠭᠠᠲᠤᠷ    ᠲᠦ᠍ ᠺᠢᠷᠢᠯ ᠦᠰᠥᠭ ᠢᠶᠡᠷ ᠬᠡᠪᠯᠡᠭᠳᠡᠵᠡᠢ᠃ 1987 ᠣᠨ ᠠᠴᠠ ᠡᠬᠢᠯᠡᠵᠦ ᠤᠯᠤᠰ  ᠤᠨ 9 ᠳ᠋ᠦ᠍ᠭᠡᠷ᠂ 10 ᠳ᠋ᠤᠭᠠᠷ 5 ᠵᠢᠯ ᠦᠨ ᠲᠥᠯᠦᠪᠯᠡᠭᠡᠨ ᠦ᠌ ᠭᠣᠣᠯᠳᠠᠯᠭ᠎ᠠ ᠲᠠᠢ ᠬᠡᠪᠯᠡᠬᠦ ᠨᠣᠮ 《ᠮᠣᠩᠭᠤᠯ ᠵᠠᠩ ᠦᠢᠯᠡ  ᠵᠢᠨ ᠨᠡᠪᠲᠡᠷᠬᠡᠶ ᠲᠣᠯᠢ》 《ᠠᠵᠤ ᠠᠬᠤᠶ  ᠵᠢᠨ ᠪᠣᠲᠢ᠂ ᠣᠶᠤᠨ ᠤ ᠪᠣᠲᠢ᠂ ᠣᠪᠤᠭ ᠤᠭᠰᠠᠭ᠎ᠠ  ᠵᠢᠨ ᠪᠣᠲᠢ ᠵᠡᠷᠭᠡ ᠳᠥᠷᠪᠡᠨ ᠪᠣᠲᠢ ) ᠶᠢ ᠡᠷᠬᠢᠯᠡᠨ ᠨᠠᠢᠷᠠᠭᠤᠯᠵᠤ ᠪᠠᠢᠨ᠎ᠠ᠃ ᠲᠤᠰ ᠲᠣᠯᠢ ᠪᠣᠯ ᠮᠣᠩᠭᠤᠯ ᠦᠨᠳᠦᠰᠦᠲᠡᠨ ᠦ ᠤᠯᠠᠮᠵᠢᠯᠠᠯ   ᠲᠦ᠍ ᠰᠣᠶᠤᠯ ᠢ᠋ ᠪᠦᠬᠥ ᠲᠠᠯ᠎ᠠ ᠪᠠᠷ ᠰᠢᠰᠲ᠋ᠧᠮ ᠲᠡᠢ ᠬᠠᠮᠤᠷᠤᠭᠰᠠᠨ ᠣᠯᠠᠨ ᠬᠡᠷᠡᠭᠴᠡᠭᠡᠲᠦ ᠪᠦᠷᠢᠨ ᠲᠦᠬᠥᠷ ᠪᠠᠭᠠᠵᠢ ᠪᠢᠴᠢᠭ ᠪᠣᠯᠤᠨ᠎ᠠ᠃ ᠲᠤᠰ ᠳᠤᠯᠵᠢᠨ ᠤ᠋ ᠠᠵᠤ ᠠᠬᠤᠶ  ᠵᠢᠨ ᠪᠣᠲᠢ ᠨᠢ 1977 ᠣᠨ ᠳᠤ ᠬᠡᠪᠯᠡᠭᠳᠡᠭᠰᠡᠨ ᠡᠴᠡ ᠨᠠᠭᠠᠰᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ 《ᠲᠠᠪ ᠤᠨ ᠨᠢᠭᠡ  ᠵᠢᠨ ᠢᠨᠵᠢᠨᠧᠷᠢᠩ》 ᠦᠨ ᠱᠠᠩᠨᠠᠯ ( 1998 ᠣᠨ )᠂ ᠪᠡᠭᠡᠵᠢᠩ ᠬᠣᠲᠠ  ᠵᠢᠨ ᠰᠢᠯᠢᠳᠡᠭ ᠪᠦᠲᠦᠭᠡᠭᠳᠡᠬᠦᠨ ᠦ ᠱᠠᠩᠨᠠᠯ ( 1998 ᠣᠨ )᠂ ᠤᠮᠠᠷᠠᠲᠦ᠍  ᠵᠢᠨ 10 ᠮᠤᠵᠢ ᠬᠣᠲᠠ ᠣᠷᠤᠨ ᠤ᠋ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠰᠢᠯᠢᠳᠡᠭ ᠨᠣᠮ  ᠤᠨ l ᠳ᠋ᠦ᠍ᠭᠡᠷ ᠲᠠᠰ  ᠤᠨ ᠱᠠᠩᠨᠠᠯ 《1998 ᠣᠨ )᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠣᠷᠴᠢᠭᠤᠯᠭ᠎ᠠ  ᠵᠢᠨ ᠰᠢᠨᠵᠢᠯᠡᠭᠡᠨ ᠦ ᠣᠨᠴᠠ ᠲᠠᠰ  ᠤᠨ ᠱᠠᠩᠨᠠᠯ 《1999 ᠣᠨ )᠂ ᠳᠤᠮᠳᠠᠳᠤ ᠤᠯᠤᠰ  ᠤᠨ ᠨᠣᠮ ᠪᠢᠴᠢᠭ ᠦᠨ ᠱᠠᠩᠨᠠᠯ ( 1998 ᠣᠨ ) ᠵᠡᠷᠭᠡ ᠲᠠᠪ ᠤᠨ ᠵᠦᠢᠯ ᠦᠨ ᠶᠡᠬᠡ ᠱᠠᠩᠨᠠᠯ ᠬᠦᠷᠲᠡᠵᠦ᠂ ᠲᠤᠰ ᠳᠤᠯᠵᠢᠨ ᠤ᠋ ᠣᠶᠤᠨ ᠤ ᠪᠣᠲᠢ ᠨᠢ 1999 ᠣᠨ ᠳᠤ ᠬᠡᠪᠯᠡᠭᠳᠡᠭᠰᠡᠨ ᠡᠴᠡ ᠨᠠᠭᠠᠰᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠣᠷᠴᠢᠭᠤᠯᠭ᠎ᠠ  ᠵᠢᠨ ᠰᠢᠨᠵᠢᠯᠡᠭᠡᠨ ᠦ ᠣᠨᠴᠠ ᠲᠠᠰ  ᠤᠨ ᠱᠠᠩᠨᠠᠯ ( 1999 ᠣᠨ )᠂ ᠤᠯᠤᠰ  ᠤᠨ ᠰᠢᠯᠢᠳᠡᠭ ᠪᠦᠲᠦᠭᠡᠭᠳᠡᠬᠦᠨ ᠦ ᠱᠠᠩᠨᠠᠯ ( 2000 ᠣᠨ ) ᠵᠡᠷᠭᠡ ᠭᠤᠷᠪᠠᠨ ᠵᠦᠢᠯ ᠦᠨ ᠶᠡᠬᠡ ᠱᠠᠩᠨᠠᠯ ᠬᠦᠷᠲᠡᠵᠡᠶ᠃ 《 ᠰᠣᠨᠢᠨ ᠮᠡᠳᠡᠭᠡ ᠬᠡᠪᠯᠡᠯ ᠰᠣᠨᠢᠨ》᠂ 《ᠭᠤᠸᠠᠩ ᠮᠢᠩ ᠡᠳᠦᠷ ᠦᠨ ᠰᠣᠨᠢᠨ》᠂ ᠰᠢᠶᠠᠩᠭᠠᠩ  ᠤᠨ 《ᠳ᠋ᠠ ᠬᠦᠩ ᠪᠦᠦ ᠰᠣᠨᠢᠨ》᠂ ᠣᠣᠮᠧᠨ ᠦ 《ᠬᠤᠸᠠ ᠴᠢᠶᠣᠣ ᠪᠦᠦ ᠰᠣᠨᠢᠨ》᠂ ᠠᠮᠧᠷᠢᠺᠠ  ᠵᠢᠨ 《ᠴᠢᠶᠣᠣ ᠪᠦᠦ ᠰᠣᠨᠢᠨ》᠂ ᠮᠣᠩᠭᠤᠯ ᠤᠯᠤᠰ  ᠤᠨ 《ᠵᠠᠰᠠᠭ  ᠤᠨ ᠭᠠᠵᠠᠷ  ᠤᠨ ᠮᠡᠳᠡᠭᠡ ᠰᠣᠨᠢᠨ》 ᠵᠡᠷᠭᠡ ᠤᠯᠤᠰ  ᠤᠨ ᠳᠣᠲᠤᠭᠠᠳᠤ ᠭᠠᠳᠠᠭᠠᠳᠤ  ᠵᠢᠨ ᠰᠣᠨᠢᠨ ᠮᠡᠳᠡᠭᠡᠨ ᠦ ᠬᠵᠢᠨ ᠥᠨᠳᠦᠷ ᠦᠨᠡᠯᠡᠵᠡᠢ᠃ 1991 ᠣᠨ ᠤ 4 ᠰᠠᠷ᠎ᠠ  ᠵᠢᠨ 29 ᠳᠤ ᠮᠣᠩᠭᠤᠯ ᠤᠯᠤᠰ  ᠤᠨ ᠬᠡᠦᠬᠡᠳ ᠦ᠋ᠨ ᠰᠠᠭᠤᠷᠢ ᠮᠥᠩᠭᠦᠨ ᠦ᠌ ᠲᠥᠪ ᠺᠣᠮᠢᠰ ᠠᠴᠠ ᠲᠡᠭᠦᠨ ᠢ ᠮᠣᠩᠭᠤᠯ ᠤᠯᠤᠰ  ᠤᠨ ᠠᠯᠳᠠᠷ ᠬᠦᠨᠳᠦᠲᠦ ᠠᠯᠲᠠᠨ ᠮᠧᠳᠠᠯ ᠢᠶᠠᠷ ᠱᠠᠩᠨᠠᠵᠠᠢ᠃ 1999 ᠣᠨ ᠤ 8 ᠳ᠋ᠤᠭᠠᠷ ᠰᠠᠷ᠎ᠠ ᠳᠤ ᠳᠤᠮᠳᠠᠳᠤ ᠤᠯᠤᠰ  ᠤᠨ ᠰᠣᠨᠢᠨ ᠮᠡᠳᠡᠭᠡ ᠬᠡᠪᠯᠡᠯ ᠦᠨ ᠰᠢᠰᠲ᠋ᠧᠮ ᠦᠨ ᠲᠦᠮᠡᠨ ᠲᠦᠭᠥᠷᠢᠭ ᠦᠨ ᠶᠡᠬᠡ ᠱᠠᠩᠨᠠᠯ ᠬᠦᠷᠲᠡᠵᠡᠶ᠃ 《ᠳᠤᠮᠳᠠᠳᠤ ᠤᠯᠤᠰ  ᠤᠨ ᠬᠡᠪᠯᠡᠯ ᠦᠨ ᠨᠠᠷᠠᠲᠦ᠍ ᠬᠥᠮᠦᠰ ᠦ᠋ᠨ ᠲᠣᠯᠢ》᠂ 《ᠳᠤᠮᠳᠠᠳᠤ ᠤᠯᠤᠰ  ᠤᠨ ᠣᠲᠣ ᠦᠶ᠎ᠡ  ᠵᠢᠨ ᠳᠡᠭᠡᠳᠦ ᠵᠡᠷᠭᠡ  ᠵᠢᠨ ᠰᠢᠨᠵᠢᠯᠡᠬᠦ ᠤᠬᠠᠭᠠᠨ ᠤ ᠮᠡᠷᠭᠡᠵᠢᠯᠲᠡᠳ ᠦᠨ ᠲᠣᠯᠢ》᠂ 《ᠳᠡᠯᠡᠬᠡᠶ  ᠵᠢᠨ ᠨᠠᠷᠠᠲᠦ᠍ ᠬᠥᠮᠦᠰ ᠦ᠋ᠨ ᠲᠣᠯᠢ》 ᠵᠡᠷᠭᠡ ᠤᠯᠤᠰ  ᠤᠨ ᠳᠣᠲᠤᠭᠠᠳᠤ ᠭᠠᠳᠠᠭᠠᠳᠤ  ᠵᠢᠨ 30 ᠭᠠᠷᠤᠶ ᠲᠣᠯᠢ ᠪᠢᠴᠢᠭ ᠰᠣᠳᠤᠨ ᠨᠠᠮᠲᠠᠷ ᠢ ᠨᠢ ᠲᠡᠮᠳᠡᠭᠯᠡᠵᠡᠢ᠃