ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠤᠷᠮ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠤᠷᠮ᠎ᠠ ( 1938—— ) ᠡᠮᠡᠭᠲ?ᠢ᠂ ᠨᠡᠪᠲᠡᠷᠡᠭᠦᠯᠭᠡ ᠵᠢᠯᠤᠭᠤᠳᠤᠭᠴᠢ᠃ ᠥᠪᠦᠷ ᠮᠣᠩᠭᠤᠯ ᠤ᠋ᠨ ᠵᠣᠣ ᠤᠳᠠ ᠠᠢᠮᠠᠭ  ᠤᠨ ᠬᠡᠰᠢᠭᠲᠡᠨ ᠬᠣᠰᠢᠭᠤᠨ ᠳᠤ ᠲᠥᠷᠦᠵᠡᠢ᠃ 1957 ᠣᠨ ᠳᠤ ᠰᠢᠯᠢ  ᠵᠢᠨ ᠬᠣᠲᠠ  ᠵᠢᠨ ᠳᠤᠮᠳᠠᠳᠤ ᠰᠤᠷᠭᠠᠭᠤᠯᠢ ᠲᠡᠭᠦᠰᠭᠡᠭᠡᠳ ᠥᠪᠦᠷ ᠮᠣᠩᠭᠤᠯ ᠤ᠋ᠨ ᠷᠠᠳᠢᠣ᠋ ᠨᠡᠪᠲᠡᠷᠡᠭᠦᠯᠭᠡ  ᠵᠢᠨ ᠬᠣᠷᠢᠶᠠᠨ ᠳ᠋ᠤ᠌ ᠨᠡᠪᠲᠡᠷᠡᠭᠦᠯᠦᠭᠴᠢ ᠪᠡᠷ ᠠᠵᠢᠯᠯᠠᠪᠠ᠃ 1964 ᠣᠨ ᠳᠤ ᠳᠤᠮᠳᠠᠳᠤ ᠤᠯᠤᠰ  ᠤᠨ ᠣᠯᠠᠨ ᠤᠯᠤᠰ  ᠤᠨ ᠷᠠᠳᠢᠣ᠋ ᠬᠣᠷᠢᠶᠠᠨ ᠳ᠋ᠤ᠌ ᠠᠵᠢᠯ ᠰᠢᠯᠵᠢᠵᠦ ᠮᠣᠩᠭᠤᠯ ᠬᠡᠯᠡᠨ ᠦ᠌ ᠤᠤᠭᠠᠨ ᠡᠮᠡᠭᠲᠡᠶ ᠨᠡᠪᠲᠡᠷᠡᠭᠦᠯᠦᠭᠴᠢ ᠪᠣᠯᠵᠠᠢ᠃ 1979—— 1987 ᠣᠨ ᠤ ᠬᠣᠭᠤᠷᠤᠨᠳᠤ ᠪᠡᠭᠡᠵᠢᠩ ᠦᠨ ᠷᠠᠳᠢᠣ᠋  ᠵᠢᠨ ᠳᠡᠭᠡᠳᠦ ᠰᠤᠷᠭᠠᠭᠤᠯᠢ᠂ ᠥᠪᠦᠷ ᠮᠣᠩᠭᠤᠯ ᠤ᠋ᠨ ᠦᠨᠳᠦᠰᠦᠲᠡᠨ ᠦ ᠪᠠᠭᠰᠢ  ᠵᠢᠨ ᠳᠡᠭᠡᠳᠦ ᠰᠤᠷᠭᠠᠭᠤᠯᠢ  ᠵᠢᠨ ᠵᠠᠬᠢᠳᠠᠯ ᠢᠶᠠᠷ ᠰᠤᠷᠬᠤ ᠠᠩᠭᠢ ᠶᠢ ᠲᠡᠭᠦᠰᠭᠡᠪᠡ᠃ 1994—— 1995 ᠣᠨ ᠤ ᠬᠣᠭᠤᠷᠤᠨᠳᠤ ᠮᠣᠩᠭᠤᠯ ᠤᠯᠤᠰ  ᠤᠨ ᠤᠯᠤᠰ  ᠤᠨ ᠶᠡᠬᠡ ᠰᠤᠷᠭᠠᠭᠤᠯᠢ ᠳᠤ ᠰᠤᠷᠪᠤᠯᠵᠢᠯᠠᠭ᠎ᠠ  ᠵᠢᠨ ᠡᠷᠳᠡᠮᠲᠡᠨ ᠦ ᠬᠤᠪᠢ ᠪᠠᠷ    ᠲᠤᠰᠭᠠᠢ ᠮᠡᠷᠭᠡᠵᠢᠯ ᠦᠨ ᠳᠡᠭᠡᠭᠰᠢᠯᠡᠯᠲᠡ ᠬᠢᠵᠠᠶ᠃ 40 ᠭᠠᠷᠤᠶ ᠵᠢᠯ ᠦᠨ   ᠲᠦ᠍ᠷᠰᠢ ᠲᠡᠷᠡ ᠮᠣᠩᠭᠤᠯ ᠨᠡᠪᠲᠡᠷᠡᠭᠦᠯᠭᠡ  ᠵᠢᠨ ᠠᠵᠢᠯ ᠳᠤ ᠴᠢᠷᠮᠠᠢᠯᠭ᠎ᠠ ᠣᠷᠤᠭᠤᠯᠵᠤ ᠮᠡᠷᠭᠡᠰᠢᠯ ᠦᠨ ᠲᠠᠯ᠎ᠠ ᠳᠤ ᠥᠪᠡᠷ ᠦ᠋ᠨ ᠢ᠋ᠶ᠋ᠡᠨ ᠣᠨᠴᠠᠯᠢᠭ᠂ ᠬᠡᠪ ᠨᠠᠮᠪᠠ ᠶᠢ ᠪᠣᠶ ᠪᠣᠯᠭᠠᠵᠤ᠂ ᠬᠤᠷᠴᠠ ᠲᠣᠳᠤ ᠬᠡᠯᠡᠯᠭᠡ᠂ ᠪᠢᠯᠬᠠᠮ᠎ᠠ ᠬᠠᠯᠠᠭ ᠤᠨ ᠰᠡᠳᠭᠢᠯᠭᠡ ᠲᠡᠢ ᠨᠡᠪᠲᠡᠷᠡᠭᠦᠯᠭᠡ ᠪᠡᠷ ᠤᠯᠤᠰ  ᠤᠨ ᠳᠣᠲᠤᠭᠠᠳᠤ ᠭᠠᠳᠠᠭᠠᠳᠤ  ᠵᠢᠨ ᠮᠣᠩᠭᠤᠯ ᠰᠣᠨᠤᠰᠤᠭᠴᠢᠳ ᠤ᠋ᠨ ᠲᠠᠭᠠᠰᠢᠶᠠᠯ ᠰᠠᠢᠰᠢᠶᠠᠯ ᠢ ᠣᠯᠵᠠᠢ᠃ ᠨᠡᠪᠲᠡᠷᠡᠭᠦᠯᠭᠡ  ᠵᠢᠨ ᠪᠣᠳᠠᠲᠤ ᠦᠢᠯᠡᠳᠦᠯᠭᠡ ᠪᠡᠨ ᠣᠨᠤᠯ ᠲᠠᠢ ᠤᠶᠠᠯᠳᠤᠭᠤᠯ ᠤᠨ 1997 ᠣᠨ ᠳᠤ 《ᠮᠣᠩᠭᠤᠯ ᠬᠡᠯᠡᠨ ᠦ ᠨᠡᠪᠲᠡᠷᠡᠭᠦᠯᠭᠡ  ᠵᠢᠨ ᠤᠷᠠᠯᠢᠭ》 ᠬᠡᠮᠡᠬᠦ 400 ᠨᠢᠭᠤᠷ ᠲᠠᠢ ᠨᠣᠮ    ᠲᠤᠭᠤᠷᠪᠢᠨ ᠬᠡᠪᠯᠡᠭᠦᠯᠪᠡ᠃ 20 ᠳ᠋ᠤᠭᠠᠷ ᠵᠠᠭ ᠤᠨ ᠤ ᠨᠠᠶᠠᠭᠠᠳ ᠶᠡᠷᠡᠭᠡᠳ ᠣᠨ ᠤ ᠦᠶ᠎ᠡ ᠪᠡᠷ ᠵᠠᠯᠠᠭᠤ ᠨᠡᠪᠲᠡᠷᠡᠭᠦᠯᠦᠭᠴᠢ ᠪᠡᠯᠡᠳᠭᠡᠬᠦ᠂ ᠬᠥᠮᠦᠵᠢᠭᠦᠯᠬᠦ ᠠᠵᠢᠯ ᠳᠤ  ᠴᠤ᠌ ᠣᠯᠠᠨ ᠤᠳᠠᠭ᠎ᠠ ᠣᠷᠤᠯᠴᠠᠵᠤ᠂ ᠥᠪᠡᠷ ᠦ᠋ᠨ   ᠲᠦ᠍ᠷᠰᠢᠯᠭ᠎ᠠ ᠪᠠᠨ ᠤᠯᠠᠮᠵᠢᠯᠠᠨ ᠰᠢᠨ᠎ᠡ ᠨᠢᠭᠡᠨ ᠦᠶ᠎ᠡ  ᠵᠢᠨ ᠮᠣᠩᠭᠤᠯ ᠨᠡᠪᠲᠡᠷᠡᠭᠦᠯᠦᠭᠴᠢ  ᠵᠢᠨ ᠦᠰᠦᠨ ᠪᠣᠢᠵᠢᠬᠤ ᠳᠤ ᠬᠦ ᠴᠤ᠌ᠨ ᠡᠷᠭᠦᠪᠡ᠃ ᠡᠭᠦᠨ ᠦ ᠬᠠᠮᠲᠤ ᠠᠵᠢᠯ  ᠤᠨ ᠴᠢᠯᠥᠭᠡ ᠵᠠᠪ ᠢᠶᠠᠷ ᠰᠣᠨᠢᠨ ᠮᠡᠳᠡᠭᠡ  ᠵᠢᠨ ᠡᠬᠡ ᠪᠢᠴᠢᠭ ᠦᠨ ᠣᠷᠴᠢᠭᠤᠯᠭ᠎ᠠ ᠪᠠ ᠬᠢᠨᠠᠯᠲᠠ ᠳᠤ ᠣᠷᠤᠯᠴᠠᠵᠤ ᠪᠠᠢᠭᠰᠠᠨ ᠪᠥᠭᠡᠳ 《ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠡᠬᠢᠯᠡᠯ ᠲᠡᠭᠦᠰᠦᠯ》᠂ 《ᠠᠯᠳᠠᠭᠳᠠᠭᠰᠠᠨ ᠴᠠᠭ ᠡᠷᠡᠨ》 ᠵᠡᠷᠭᠡ ᠨᠣᠮ ᠪᠢᠴᠢᠭ ᠣᠷᠴᠢᠭᠤᠯᠵᠤ ᠬᠡᠪᠯᠡᠬᠦ ᠳᠦ ᠣᠷᠣᠯᠴᠠᠵᠠᠶ᠃