ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠤᠶᠠᠨᠲᠠᠯᠠᠶ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠤᠶᠠᠨᠲᠠᠯᠠᠶ ( 1949~ ) ᠨᠢᠭᠡᠳᠦᠭᠡᠷ ᠲᠠᠰ  ᠤᠨ ᠤᠳᠤᠷᠢᠳᠤᠭᠠᠴᠢ᠃ ᠥᠪᠦᠷ ᠮᠣᠩᠭᠤᠯ ᠤ᠋ᠨ ᠬᠡᠰᠢᠭᠲᠡᠨ ᠬᠣᠰᠢᠭᠤᠨ ᠳᠤ ᠲᠥᠷᠦᠵᠡᠢ᠃ ᠪᠡᠭᠡᠵᠢᠩ ᠳᠡᠬᠢ ᠲᠥᠪ ᠦ᠋ᠨ ᠰᠢ ᠵᠦ ᠴᠤ᠌ᠭᠡ  ᠵᠢᠨ ᠳᠡᠭᠡᠳᠦ ᠰᠤᠷᠭᠠᠭᠤᠯᠢ ᠶᠢ ᠲᠡᠭᠦᠰᠭᠡᠪᠡ᠃ 1979 ᠣᠨ ᠳᠤ ᠥᠪᠦᠷ ᠮᠣᠩᠭᠤᠯ ᠤ᠋ᠨ ᠲᠧᠯᠸᠢᠰ ᠬᠣᠷᠢᠶ᠎ᠠ ᠳᠤ ᠲᠧᠯᠸᠢᠰ ᠵᠦ ᠴᠤ᠌ᠭᠡ  ᠵᠢᠨ ᠤᠳᠤᠷᠢᠳᠤᠭᠠᠴᠢ  ᠵᠢᠨ ᠠᠵᠢᠯ ᠬᠢᠪᠡ᠃ 1983 ᠣᠨ ᠠᠴᠠ ᠡᠬᠢᠯᠡᠨ ᠤᠷᠢᠳ ᠬᠣᠵᠢᠳ 《ᠰᠢᠭᠤᠢ   ᠲᠦ᠍ ᠠᠭᠤᠯᠠᠨ ᠤ ᠮᠠᠨᠠᠨ》᠂ 《ᠰᠠᠷᠪᠠᠩ  ᠤᠨ ᠬᠣᠶᠠᠷ ᠲᠣ ᠯᠦ᠍ᠭᠠᠶ》᠂ 《ᠠᠯᠤᠰ  ᠤᠨ ᠲᠡᠷᠭᠡᠯ》᠂ 《ᠤᠳᠠ  ᠵᠢᠨ ᠨᠣᠭᠤᠭᠠᠨ ᠰᠡᠭᠦᠳᠡᠷ》᠂ 《ᠬᠤᠸᠠᠩ ᠵᠢᠩ ᠽᠠᠢ》 ᠵᠡᠷᠭᠡ ᠬᠣᠷᠢ ᠭᠠᠷᠤᠶ ᠲᠧᠯᠸᠢᠰ ᠵᠦ ᠴᠤ᠌ᠭᠡ ᠲᠧᠯᠸᠢᠰ ᠦᠷᠭᠦᠯᠵᠢᠯᠡᠭᠰᠡᠨ ᠵᠦ ᠴᠤ᠌ᠭᠡ ᠤᠳᠤᠷᠢᠳᠤᠭᠠᠴᠢᠯᠠᠨ ᠦᠢᠯᠡᠳ ᠴᠤ᠌ ᠪᠠᠰᠠ 《ᠭᠠᠩᠭᠠᠩ ᠬᠠᠷ᠎ᠠ》 ᠭᠡᠬᠦ ᠺᠢᠨᠣ᠋ 《ᠲᠡᠮᠡᠭᠡᠨ ᠵᠢᠩ》 ᠭᠡᠬᠦ 22 ᠪᠦᠯᠦᠭᠲᠦ ᠲᠧᠯᠸᠢᠰ ᠵᠦ ᠴᠤ᠌ᠭᠡ ᠶᠢ ᠬᠠᠮᠵᠵᠢᠨ ᠤᠳᠤᠷᠢᠳᠤᠭᠠᠴᠢᠯᠠᠭᠰᠠᠨ ᠪᠠᠢᠨ᠎ᠠ᠃ ᠲᠡᠭᠦᠨ ᠦ ᠤᠳᠤᠷᠢᠳᠤᠭᠠᠴᠢᠯᠠᠭᠰᠠᠨ ᠲᠧᠯᠸᠢᠰ ᠵᠦ ᠴᠤ᠌ᠭᠡ ᠦᠨᠳᠦᠰᠦᠲᠡᠨ ᠦ ᠣᠨᠴᠠᠯᠢᠭ ᠣᠷᠤᠨ ᠨᠤᠲᠤᠭ  ᠤᠨ ᠣᠨᠴᠠᠯᠢᠭ ᠲᠣᠪᠣᠢᠮ᠎ᠠ ᠪᠥᠭᠡᠳ ᠥᠪᠡᠷᠮᠢᠴᠡ ᠳᠦᠷᠰᠦᠯᠡᠨ ᠲᠡᠮᠳᠡᠭᠯᠡᠬᠦ ᠠᠷᠭ᠎ᠠ ᠪᠠᠷᠢᠯ ᠬᠡᠷᠡᠭᠯᠡᠳᠡᠭ   ᠲᠦ᠍ᠯᠠ ᠤᠳᠤᠷᠢᠳᠬᠤ ᠪᠠᠢᠭᠤᠯᠭ᠎ᠠ ᠪᠠ ᠦᠵᠡᠭᠴᠢᠳ ᠦᠨ ᠠᠩᠬᠠᠷᠤᠯ ᠢ ᠲᠠᠲᠠᠵᠤ᠂ 1991 ᠣᠨ ᠳᠤ ᠳᠤᠮᠳᠠᠳᠤ ᠤᠯᠤᠰ  ᠤᠨ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ᠂ ᠳᠤᠮᠳᠠᠳᠤ ᠤᠯᠤᠰ  ᠤᠨ ᠲᠧᠯᠸᠢᠰ ᠤᠷᠠᠯᠢᠭ  ᠤᠨ ᠨᠡᠢᠭᠡᠮᠯᠢᠭ ᠵᠡᠷᠭᠡ ᠲᠠᠪ ᠤᠨ ᠪᠠᠢᠭᠤᠯᠭ᠎ᠠ ᠨᠢᠭᠡᠳ ᠴᠤ᠌ ᠨᠡᠢᠰᠯᠡᠯ ᠪᠡᠭᠡᠵᠢᠩ ᠳᠦ 《ᠮᠣᠩᠭᠤᠯ ᠦᠨᠳᠦᠰᠦᠲᠡᠨ ᠦ ᠵᠠᠯᠠᠭᠤ ᠤᠳᠤᠷᠢᠳᠤᠭᠠᠴᠢ ᠪᠤᠶᠠᠨᠲᠠᠯᠠᠶ  ᠵᠢᠨ ᠲᠧᠯᠸᠢᠰ ᠵᠦ ᠴᠤ᠌ᠭᠡ  ᠵᠢᠨ ᠪᠦᠲᠦᠭᠡᠯ ᠦᠨ  ᠲᠤᠰᠭᠠᠢ ᠰᠤᠳᠤᠯ ᠤᠨ ᠶᠠᠷᠢᠯᠴᠠᠬᠤ ᠬᠤᠷᠠᠯ》 ᠬᠤᠷᠠᠯᠳᠤᠭᠤᠯᠵᠤ᠂ ᠲᠡᠭᠦᠨ ᠦ ᠲᠧᠯᠸᠢᠰ ᠵᠦ ᠴᠤ᠌ᠭᠡ  ᠵᠢᠨ ᠬᠦᠷᠢᠶᠡᠨ ᠳᠦ ᠦᠵᠡᠭᠦᠯᠦᠭᠰᠡᠨ ᠬᠤᠪᠢ ᠨᠡᠮᠡᠷᠢ ᠶᠢ ᠦᠨᠡᠯᠡᠵᠡᠢ᠃ ᠲᠡᠷᠡ 1994 ᠣᠨ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ 《ᠰᠠᠷᠠᠨ᠎ᠠ》 ᠱᠠᠩᠨᠠᠯ  ᠤᠨ ᠰᠢᠯᠭᠠᠷᠠᠭᠤᠯᠤᠯᠲᠠ ᠳᠤ 《ᠰᠢᠯᠢᠳᠡᠭ ᠤᠳᠤᠷᠢᠳᠤᠭᠠᠴᠢ》  ᠵᠢᠨ ᠱᠠᠩᠨᠠᠯ ᠬᠦᠷᠲᠡᠪᠡ᠃ 1998 ᠣᠨ ᠳᠤ ᠥᠪᠦᠷ ᠮᠣᠩᠭᠤᠯ ᠤ᠋ᠨ 《ᠠᠷᠪᠠᠨ ᠰᠢᠯᠢᠳᠡᠭ ᠲᠧᠯᠸᠢᠰ ᠤᠷᠠᠯᠢᠭᠴᠢᠨ》 ᠤ ᠨᠢᠭᠡ ᠨᠢ ᠪᠣᠯᠵᠠᠢ᠃