ᠨᠡᠷ᠎ᠡ:
ᠪᠤᠶᠠᠨᠲᠠᠯᠠᠶ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪᠤᠶᠠᠨᠲᠠᠯᠠᠶ ( 1940—— ) ᠷᠠᠳᠢᠣ᠋ ᠳᠡᠭᠡᠳᠦ ᠵᠡᠷᠭᠡ ᠵᠢᠨ ᠵᠢᠨᠵᠧᠨᠧᠷ᠃ ᠯᠢᠶᠣᠣᠨᠢᠩ ᠮᠤᠵᠢ ᠵᠢᠨ ᠹᠦᠰᠵᠢᠨ ᠦ ᠮᠣᠩᠭᠤᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ ᠳᠤ ᠲᠥᠷᠦᠵᠡᠢ᠃ 1963 ᠣᠨ ᠳᠤ ᠥᠪᠦᠷ ᠮᠣᠩᠭᠤᠯ ᠤ᠋ᠨ ᠠᠵᠤ ᠦᠢᠯᠡᠳᠪᠦᠷᠢ ᠵᠢᠨ ᠳᠡᠭᠡᠳᠦ ᠰᠤᠷᠭᠠᠭᠤᠯᠢ ᠶᠢ ᠲᠡᠭᠦᠰᠭᠡᠭᠡᠳ ᠥᠪᠦᠷ ᠮᠣᠩᠭᠤᠯ ᠤ᠋ᠨ ᠠᠷᠠᠳ ᠤᠨ ᠷᠠᠳᠢᠣ᠋ ᠨᠡᠪᠲᠡᠷᠡᠭᠦᠯᠭᠡ ᠵᠢᠨ ᠬᠣᠷᠢᠶᠠᠨ ᠳ᠋ᠤ᠌ ᠷᠠᠳᠢᠣ᠋ ᠮᠠᠰᠵᠢᠨ ᠤ ᠲᠧᠭᠨᠢᠭᠴᠢ ᠪᠣᠯᠪᠠ᠃ 1970 ᠣᠨ ᠳᠤ 《702 ) ᠨᠡᠷᠡᠮᠵᠢᠲᠦ ᠳᠠᠵᠢᠨ ᠤ᠋ ᠪᠡᠯᠡᠳᠭᠡᠯ ᠦ᠋ᠨ ᠷᠠᠳᠢᠣ᠋ ᠰᠠ ᠴᠤ᠌ᠷᠠᠭᠤᠯᠬᠤ ᠬᠣᠷᠢᠶ᠎ᠠ ᠪᠠᠢᠭᠤᠯᠬᠤ ᠳᠤ ᠣᠷᠤᠯᠴᠠᠵᠤ᠂ ᠰᠠ ᠴᠤ᠌ᠷᠠᠭᠤᠯᠬᠤ ᠬᠣᠷᠢᠶ᠎ᠠ ᠵᠢᠨ ᠳᠡᠳ᠋ ᠳᠠᠷᠤᠭ᠎ᠠ ᠪᠠᠷ ᠪᠠᠢᠪᠠ᠃ 1981 ᠣᠨ ᠳᠤ ᠥᠪᠦᠷ ᠮᠣᠩᠭᠤᠯ ᠤ᠋ᠨ ᠷᠠᠳᠢᠣ᠋ ᠬᠣᠷᠢᠶᠠᠨ ᠤ᠋ ᠨᠡᠪᠲᠡᠷᠡᠭᠦᠯᠬᠦ ᠬᠡᠯᠲᠡᠰ ᠦᠨ ᠡᠷᠬᠢᠯᠡᠭᠴᠢ᠂ ᠲᠧᠭᠨᠢᠭ ᠮᠡᠷᠭᠡᠵᠢᠯ ᠦᠨ ᠬᠡᠯᠲᠡᠰ ᠦᠨ ᠡᠷᠬᠢᠯᠡᠭᠴᠢ ᠪᠠᠢᠵᠤ᠂ 1999 ᠣᠨ ᠳᠤ ᠷᠠᠳᠢᠣ᠋ ᠬᠣᠷᠢᠶᠠᠨ ᠤ᠋ ᠶᠡᠷᠦᠩᠬᠡᠶ ᠵᠢᠨᠵᠧᠨᠧᠷ ᠦᠨ ᠲᠤᠰᠢᠶᠠᠯ ᠳᠤ ᠭᠠᠷᠪᠠ᠃ 36 ᠵᠢᠯ ᠦᠨ ᠲᠦ᠍ᠷᠰᠢ ᠲᠡᠷᠡ ᠥᠪᠦᠷ ᠮᠣᠩᠭᠤᠯ ᠤ᠋ᠨ ᠷᠠᠳᠢᠣ᠋ ᠨᠡᠪᠲᠡᠷᠡᠭᠦᠯᠭᠡ ᠵᠢᠨ ᠬᠣᠷᠢᠶᠠᠨ ᠳ᠋ᠤ᠌ ᠰᠣᠨᠢᠨ ᠮᠡᠳᠡᠭᠡ ᠵᠢᠨ ᠲᠧᠭᠨᠢᠭ ᠮᠡᠷᠭᠡᠵᠢᠯ ᠦᠨ ᠠᠵᠢᠯ ᠢ ᠬᠢᠵᠦ ᠡᠩ ᠦᠨ ᠲᠧᠭᠨᠢᠭᠴᠢ ᠡᠴᠡ ᠳᠡᠭᠡᠳᠦ ᠵᠡᠷᠭᠡ ᠵᠢᠨ ᠮᠡᠷᠭᠡᠵᠢᠯᠲᠡᠨ ᠪᠣᠯᠪᠠ᠃ ᠮᠣᠩᠭᠤᠯ ᠬᠢᠲᠠᠳ ᠷᠠᠳᠢᠣ᠋ ᠨᠡᠪᠲᠡᠷᠡᠭᠦᠯᠭᠡ ᠵᠢᠨ ᠰᠢᠩᠭᠡᠭᠡᠬᠦ ᠮᠡᠷᠭᠡᠰᠢᠯ᠂ ᠰᠠᠵᠤᠷᠠᠭᠤᠯᠬᠤ ᠮᠡᠷᠭᠡᠰᠢᠯ ᠢ ᠳᠦᠷᠢᠮᠵᠢᠭᠦᠯᠬᠦ᠂ ᠰᠢᠰᠲ᠋ᠧᠮᠵᠢᠭᠦᠯᠬᠦ ᠪᠠ ᠪᠡᠶᠡᠲᠦ ᠳᠠᠭ ᠤᠨ ᠤ ᠷᠠᠳᠢᠣ᠋ ᠠᠰᠢᠭᠯᠠᠯᠲᠠ ᠳᠤ ᠣᠷᠤᠭᠤᠯᠬᠤ ᠶᠠᠪᠤᠳᠠᠯ ᠳᠤ ᠶᠡᠬᠡᠬᠡᠨ ᠬᠦ ᠴᠤ᠌ ᠬᠥᠯᠦᠰᠦ ᠤᠷᠤᠰᠬᠠᠵᠠᠶ᠃ 150 ᠲᠦᠮᠡᠨ ᠦᠰᠥᠭ ᠲᠡᠢ ᠲᠧᠭᠨᠢᠭ ᠮᠡᠷᠭᠡᠵᠢᠯ ᠦᠨ ᠠᠩᠭᠯᠢ ᠬᠡᠯᠡᠨ ᠦ ᠮᠠᠲ᠋ᠧᠷᠢᠶᠠᠯ ᠢ ᠣᠷᠴᠢᠭᠤᠯᠬᠤ ᠠᠵᠢᠯ ᠢ ᠡᠷᠬᠢᠯᠡᠵᠦ AMEK —— 250036 ᠳᠠᠭ ᠤᠨ ᠲᠣᠬᠢᠷᠠᠭᠤᠯᠤᠭᠴᠢ᠂ 1UDER269 96) ᠳᠠᠭ ᠤᠨ ᠲᠣᠬᠢᠷᠠᠭᠤᠯᠤᠭᠴᠢ ᠵᠢᠴᠢ ᠣᠨᠳᠣᠣ ᠬᠡᠳᠦᠨ ᠵᠦᠢᠯ ᠦᠨ ᠲᠡᠷᠢᠭᠦᠨ ᠦ ᠰᠢᠩᠭᠡᠭᠡᠬᠦ ᠮᠠᠰᠵᠢᠨ ᠤ ᠮᠡᠷᠭᠡᠰᠢᠯ ᠦᠨ ᠠᠰᠠᠭᠤᠳᠠᠯ ᠢ ᠰᠢᠳᠪᠦᠷᠢᠯᠡᠪᠡ᠃ ᠥᠪᠦᠷ ᠮᠣᠩᠭᠤᠯ ᠤ᠋ᠨ ᠷᠠᠳᠢᠣ᠋ ᠲᠥᠪ ᠠᠰᠠᠷ ᠤᠨ ᠪᠦᠬᠦᠢᠯᠡ ᠨᠡᠪᠲᠡᠷᠡᠭᠦᠯᠭᠡ ᠵᠢᠨ ᠲᠧᠭᠨᠢᠭ ᠮᠡᠷᠭᠡᠵᠢᠯ ᠦᠨ ᠠᠵᠢᠯ ᠪᠠ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ 50 ᠵᠢᠯ ᠦᠨ ᠣᠶ ᠵᠢᠨ ᠪᠠᠶᠠᠷ ᠢ ᠰᠢᠭᠤᠳ ᠨᠡᠪᠲᠡᠷᠡᠭᠦᠯᠬᠦ ᠮᠡᠷᠭᠡᠵᠢᠯ ᠦᠨ ᠠᠵᠢᠯ ᠢ ᠤᠳᠤᠷᠢᠳ ᠴᠤ᠌ ᠠᠮᠵᠢᠯᠲᠠ ᠲᠠᠢ ᠪᠡᠶᠡᠯᠡᠭᠦᠯᠪᠡ᠃ ᠲᠡᠷᠡ ᠪᠡᠷ ᠪᠦᠬᠥ ᠳᠤᠮᠳᠠᠳᠤ ᠤᠯᠤᠰ ᠤᠨ ᠷᠠᠳᠢᠣ᠋ ᠰᠢᠰᠲ᠋ᠧᠮ ᠦᠨ ᠲᠧᠭᠨᠢᠭ ᠮᠡᠷᠭᠡᠵᠢᠯᠲᠡᠨ ᠦ ᠬᠤᠪᠢ ᠪᠠᠷ ᠤᠯᠤᠰ ᠤᠨ ᠲᠠᠰ ᠤᠨ ᠷᠠᠳᠢᠣ᠋ ᠲᠧᠭᠨᠢᠭ ᠢ ᠬᠢᠨᠠᠨ ᠲᠣᠭᠲᠠᠭᠠᠬᠤ ᠠᠵᠢᠯ ᠳᠤ ᠣᠯᠠᠨ ᠤᠳᠠᠭ᠎ᠠ ᠣᠷᠣᠯᠴᠠᠵᠠᠶ᠃ ᠪᠠᠰᠠ 《ᠣᠲᠣ ᠦᠶ᠎ᠡ ᠵᠢᠨ ᠳᠠᠭ ᠤᠨ ᠲᠣᠬᠢᠷᠠᠭᠤᠯᠤᠭᠴᠢ ᠪᠠ ᠲᠡᠭᠦᠨ ᠦ ᠬᠥᠭᠵᠢᠯᠲᠡ》᠂ 《ᠲᠠᠩ ᠳᠠᠭ ᠤᠨ ᠤ ᠱᠤᠭᠤᠮ ᠠ᠋ᠴᠠ ᠪᠡᠶᠡᠲᠦ ᠳᠠᠭ ᠤᠨ ᠤ ᠱᠤᠭᠤᠮ ᠳ᠋ᠤ᠌ ᠰᠢᠯᠵᠢᠬᠦ ᠰᠢᠨ᠎ᠡ ᠮᠡᠷᠭᠡᠵᠢᠯ》᠂ 《ᠷᠠᠳᠢᠣ᠋ ᠮᠡᠷᠭᠡᠵᠢᠯ ᠦᠨ ᠥ ᠴᠤ᠌ᠭᠡᠳᠦᠷ᠂ ᠦᠨᠥᠳᠦᠷ ᠪᠠ ᠮᠠᠷᠭᠠᠰᠢ》 ᠵᠡᠷᠭᠡ ᠥᠭᠦᠯᠡᠯ ᠵᠣᠬᠢᠶᠠᠯ ᠨᠠᠢᠳᠠᠯᠠᠵᠠᠢ᠃
Copyight 2016 by nmgmzw.gov.cn All Rights Reserved