ᠮᠠᠯ ᠠᠳᠤᠭᠤᠰᠤ᠂ ᠠᠷᠢᠶᠠᠲᠠᠨ ᠵᠢᠭᠦᠷᠲᠡᠨ ᠦ᠌ ᠨᠡᠷ᠎ᠡ ᠤᠳᠭ᠎ᠠ ᠰᠢᠯᠵᠢᠨ ᠬᠡᠷᠡᠭᠯᠡᠭᠳᠡᠬᠦ ᠲᠤᠬᠠᠢ ᠲᠠᠨᠢᠨ ᠮᠡᠳᠡᠬᠦᠢ ᠵᠢᠨ ᠰᠤᠳᠤᠯᠤᠯ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201702
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/28
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠢᠶᠠᠨᠹᠧᠩ
ᠵᠠᠩᠭᠢᠯᠠᠭ᠎ᠠ ᠦᠭᠡ᠄ ᠠᠳᠤᠭᠤᠰᠤ ᠠᠮᠢᠲᠠᠨ ᠤ᠋ ᠨᠡᠷ᠎ᠡ︔ ᠤᠳᠭ᠎ᠠ ᠰᠢᠯᠵᠢᠨ ᠬᠡᠷᠡᠭᠯᠡᠭᠳᠡᠬᠦ︔ ᠲᠠᠨᠢᠨ ᠮᠡᠳᠡᠬᠦᠢ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠤᠯᠤᠰ ᠤ᠋ᠨ ᠭᠦᠨ ᠤᠬᠠᠭᠠᠨ ᠨᠡᠢᠭᠡᠮ ᠤ᠋ ᠰᠢᠨᠵᠢᠯᠡᠬᠦ ᠤᠬᠠᠭᠠᠨ ᠤ᠋ ᠰᠠᠭᠤᠷᠢ ᠮᠥᠩᠭᠦ ᠵᠢᠨ ᠰᠡᠳᠦᠪ︱︽ ᠮᠣᠩᠭᠤᠯ ᠬᠡᠯᠡᠨ ᠦ᠌ ᠦᠭᠡ ᠵᠢᠨ ᠰᠠᠩ ᠤ᠋ᠨ ᠲᠠᠨᠢᠨ ᠮᠡᠳᠡᠬᠦᠢ︱ ᠰᠣᠶᠤᠯ ᠤᠨ ᠵᠣᠬᠢᠴᠠᠯ ᠤᠨ ᠰᠤᠳᠤᠯᠤᠯ︾ ᠤ᠋ᠨ ᠱᠠᠲᠤᠴᠢ ᠴᠢᠨᠠᠷᠲᠠᠢ ᠪᠦᠲᠦᠭᠡᠯ ᠮᠥᠨ᠃ ᠵᠥᠪᠰᠢᠶᠡᠷᠡᠭᠰᠡᠨ ᠳ᠋ᠤᠭᠠᠷ᠄16XYY038 ᠲᠤᠰ ᠥᠭᠦᠯᠡᠯ ᠪᠣᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ᠋ ᠳᠡᠭᠡᠳᠦ ᠰᠤᠷᠭᠠᠭᠤᠯᠢ ᠵᠢᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠰᠡᠳᠦᠪ︵ ᠬᠥᠮᠦᠨ ᠰᠣᠶᠤᠯ ᠨᠡᠢᠭᠡᠮ ᠦ᠋ᠨ ᠰᠢᠨᠵᠢᠯᠡᠬᠦ ᠤᠬᠠᠭᠠᠨ ᠤ᠋︶︱︽ ᠮᠣᠩᠭᠤᠯ ᠬᠢᠲᠠᠳ ᠬᠡᠯᠡᠨ ᠤ᠋ ᠦᠭᠡ ᠵᠢᠨ ᠰᠠᠩ ᠤ᠋ᠨ ᠰᠣᠶᠤᠯ ᠤ᠋ᠨ ᠤᠳᠭ᠎ᠠ ᠵᠢᠨ ᠲᠠᠨᠢᠨ ᠮᠡᠳᠡᠬᠦᠢ ᠵᠢᠨ ᠬᠠᠷᠢᠴᠠᠭᠤᠯᠤᠭᠰᠠᠨ ᠰᠤᠳᠤᠯᠤᠯ︾ ᠤ᠋ᠨ ᠬᠡᠰᠡᠭ ᠠᠭᠤᠯᠭ᠎ᠠ ᠮᠥᠨ᠃ ᠵᠥᠪᠰᠢᠶᠡᠷᠡᠭᠰᠡᠨ ᠳ᠋ᠤᠭᠠᠷ᠄ NJSY228
ᠠᠭᠤᠯᠭ᠎ᠠ ᠶ᠋ᠢᠨ ᠲᠣᠪᠴᠢ᠄ ᠥᠭᠦᠯᠡᠯ ᠳ᠋ᠦ᠍ ᠬᠥᠮᠦᠨ ᠦ᠌ ᠲᠠᠨᠢᠨ ᠮᠡᠳᠡᠬᠦᠢ ᠨᠢ ᠨᠢᠭᠡ ᠬᠡᠷᠡᠭ ᠪᠣᠳᠠᠰ ᠠ᠋ᠴᠠ ᠨᠥᠬᠦᠭᠡ ᠬᠡᠷᠡᠭ ᠪᠣᠳᠠᠰ ᠢ᠋ ᠬᠣᠯᠪᠤᠨ ᠪᠣᠳᠤᠬᠤ ᠲᠠᠨᠢᠨ ᠮᠡᠳᠡᠬᠦᠢ ᠪᠣᠯᠬᠤ ᠶ᠋ᠢ ᠲᠣᠳᠤᠷᠬᠠᠢᠯᠠᠵᠠᠢ᠃ ᠬᠥᠮᠦᠨ ᠶᠡᠷᠦ ᠨᠢ ᠬᠡᠯᠡᠨ ᠦ᠌ ᠬᠡᠷᠡᠭᠯᠡᠭᠡᠨ ᠦ᠌ ᠳᠤᠮᠳᠠ ᠬᠠᠮᠤᠭ ᠤ᠋ᠨ ᠰᠠᠢᠨ ᠣᠢᠯᠠᠭᠠᠳᠠᠭ ᠮᠠᠯ ᠠᠳᠤᠭᠤᠰᠤ᠂ ᠠᠷᠢᠶᠠᠲᠠᠨ ᠵᠢᠭᠦᠷᠲᠡᠨ ᠤ᠋ ᠲᠥᠷᠬᠦ ᠪᠠᠢᠳᠠᠯ᠂ ᠵᠠᠭ ᠠᠷᠠᠨᠰᠢᠨ ᠢ᠋ ᠲᠠᠨᠢᠨ ᠮᠡᠳᠡᠭᠰᠡᠨ ᠦ᠌ ᠪᠡᠨ ᠳᠠᠷᠠᠭ᠎ᠠ ᠲᠡᠭᠦᠨ ᠦ᠌ ᠶᠠᠮᠠᠷ ᠨᠢᠭᠡᠨ ᠣᠨᠴᠠᠯᠢᠭ ᠪᠤᠶᠤ ᠰᠢᠨᠵᠢ ᠪᠠᠢᠳᠠᠯ ᠢ᠋ ᠬᠥᠮᠦᠨ᠂ ᠤᠷᠭᠤᠮᠠᠯ ᠪᠤᠶᠤ ᠪᠣᠳᠠᠰ ᠲᠤ᠌ ᠤᠳᠭ᠎ᠠ ᠰᠢᠯᠵᠢᠭᠦᠯᠦᠨ ᠬᠡᠷᠡᠭᠯᠡᠵᠦ᠂ ᠲᠣᠭᠲᠠᠭᠰᠠᠨ ᠤᠳᠭ᠎ᠠ ᠪᠦᠬᠦᠢ ᠨᠡᠢᠯᠡᠮᠡᠯ ᠦᠭᠡ ᠪᠦᠲᠦᠭᠡᠳᠡᠭ ᠲᠤᠬᠠᠢ ᠥᠭᠦᠯᠡᠵᠡᠢ᠃