ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

ᠮᠣᠩᠭᠤᠯ ᠠᠨᠠᠭᠠᠬᠤ ᠤᠬᠠᠭᠠᠨ ᠤ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠳᠤ ᠬᠢ ᠬᠡᠢᠰᠪᠦᠷᠢ ᠰᠡᠳᠭᠢᠬᠦᠢ ᠶᠢᠨ ᠦᠢᠯᠡᠳᠦᠯ ᠦᠨ ᠲᠤᠬᠠᠢ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ -> 201002
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/04
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ᠤᠷᠲᠤᠨᠠᠰᠤᠨ᠂ ᠪᠦᠷᠢᠨᠪᠠᠲᠤ
ᠵᠠᠩᠭᠢᠯᠠᠭ᠎ᠠ ᠦᠭᠡ᠄ ᠮᠣᠩᠭᠤᠯ ᠡᠮᠨᠡᠯᠭᠡ᠂ ᠬᠤᠪᠢᠰᠤᠩᠭᠤᠢ ᠵᠠᠳᠠᠯᠤᠯᠲᠠ᠂ ᠬᠡᠢᠰᠪᠦᠷᠢ ᠰᠡᠳᠭᠢᠬᠦᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠮᠣᠩᠭᠤᠯ ᠠᠨᠠᠭᠠᠬᠤ ᠤᠬᠠᠭᠠᠨ ᠤ ᠳᠣᠲᠤᠷ ᠡᠮᠨᠡᠯᠭᠡ ᠶᠢᠨ ᠣᠨᠤᠯ ᠤᠨ ᠵᠢᠯᠤᠭᠤᠳᠤᠯᠭ᠎ᠠ ᠪᠣᠯᠵᠤ ᠪᠠᠢᠭ᠎ᠠ ᠨᠢ ᠮᠣᠩᠭᠤᠯ ᠠᠨᠠᠭᠠᠬᠤ ᠤᠬᠠᠭᠠᠨ ᠤ ᠦᠨᠳᠦᠰᠦᠨ ᠣᠨᠤᠯ ᠪᠣᠯᠬᠤ ᠬᠡᠢ᠂ ᠰᠢᠷ᠎ᠠ᠂ ᠪᠠᠳᠭᠠᠨ᠂ ᠳᠣᠯᠤᠭᠠᠨ ᠲᠠᠮᠢᠷ᠂ ᠭᠤᠷᠪᠠᠨ᠎ᠠ ᠭᠬᠢᠷ ᠦᠨ ᠣᠨᠤᠯ ᠵᠢᠴᠢ ᠲᠠᠪᠤᠨ ᠮᠠᠬᠠᠪᠤᠳ︵ ᠣᠳᠤᠨ ᠵᠢᠷᠤᠬᠠᠢ ᠪᠠ ᠬᠠᠷ᠎ᠠ ᠵᠢᠷᠤᠬᠠᠢ ᠶᠢᠨ ᠲᠠᠪᠤᠨ ᠮᠠᠬᠠᠪᠤᠳ︶ ᠪᠠ ᠠᠷᠭ᠎ᠠ ᠪᠢᠯᠢᠭ᠌ ᠦᠨ ᠰᠤᠷᠭᠠᠯ ᠪᠣᠯᠤᠨ᠎ᠠ᠃ ᠲᠡᠭᠦᠨ ᠤ ᠣᠨᠴᠠᠯᠢᠭ ᠨᠢ᠂ ᠨᠢᠳᠦᠨ ᠳᠦ ᠦᠵᠡᠭᠳᠡᠵᠦ ᠭᠠᠷ ᠲᠤ ᠪᠠᠷᠢᠭᠳᠠᠮᠠᠷ ᠵᠦᠢᠯ ᠪᠢᠰᠢ᠂ ᠬᠠᠷᠢᠨ ᠡᠷᠲᠡᠨ ᠤ ᠪᠣᠷᠤᠭᠵᠢᠭᠤᠨ ᠪᠣᠳᠠᠰᠴᠢ ᠦᠵᠡᠯ ᠪᠠ ᠭᠦᠨ ᠤᠬᠠᠭᠠᠨ ᠵᠢᠴᠢ ᠡᠮᠴᠢᠯᠡᠭᠡᠨ ᠤ ᠲᠤᠷᠰᠢᠯᠭ᠎ᠠ ᠶᠢᠨ ᠰᠠᠭᠤᠷᠢᠨ ᠳᠡᠭᠡᠷ᠎ᠡ ᠪᠣᠢ ᠪᠣᠯᠤᠭᠰᠠᠨ ᠨᠢᠭᠡ ᠵᠦᠢᠯ ᠦᠨ ᠠᠬᠤᠢ ᠶᠢᠷᠲᠢᠨᠴᠦ ᠶᠢᠨ ᠲᠤᠰᠭᠠᠯ ᠪᠦᠬᠦᠢ ᠬᠡᠢᠰᠪᠦᠷᠢ ᠰᠡᠳᠭᠢᠬᠦᠢ ᠪᠡᠷ ᠭᠣᠣᠯᠯᠠᠭᠰᠠᠨ ᠣᠨᠤᠯ ᠪᠣᠯᠤᠨ᠎ᠠ᠃ ᠡᠢᠮᠦ ᠡᠴᠡ᠂ ᠡᠮᠴᠢᠯᠡᠭᠡᠨ ᠳᠡᠭᠡᠷ᠎ᠡ ᠨᠢᠭᠡ ᠡᠪᠡᠳᠴᠢᠨ᠂ ᠣᠨᠴᠠᠭᠠᠢᠯᠠᠨ ᠳᠣᠲᠤᠷ ᠡᠪᠡᠳᠴᠢᠨ ᠳᠦ ᠬᠤᠪᠢᠰᠤᠩᠭᠤᠢ ᠵᠠᠳᠠᠯᠤᠯᠲᠠ ᠬᠢᠬᠦ ᠳᠦ᠂ ᠶᠠᠮᠠᠷ ᠨᠥᠬᠦᠴᠡᠯ ᠢᠶᠡᠷ ᠶᠠᠮᠠᠷ ᠮᠠᠬᠠᠪᠤᠳ ᠳᠦᠷᠢ ᠤᠷᠪᠠᠵᠤ᠂ ᠶᠠᠮᠠᠷ ᠣᠷᠤᠨ ᠳᠤ ᠪᠠᠭᠤᠵᠤ᠂ ᠶᠠᠮᠠᠷ ᠡᠪᠡᠳᠴᠢᠨ ᠢ ᠡᠭᠦᠰᠭᠡᠨ᠂ ᠶᠠᠮᠠᠷ ᠶᠠᠮᠠᠷ ᠰᠢᠨᠵᠢ ᠲᠡᠮᠳᠡᠭ ᠢᠯᠡᠷᠡᠵᠦ ᠪᠠᠢᠨ᠎ᠠ ᠭᠡᠳᠡᠭ ᠢ ᠡᠮᠴᠢ ᠪᠣᠯᠤᠭᠰᠠᠳ ᠴᠥᠮ ᠥᠪᠡᠷ ᠦᠨ ᠰᠡᠳᠭᠢᠬᠦᠢ ᠳᠦ ᠪᠡᠨ ᠲᠦᠰᠢᠭᠯᠡᠨ ᠡᠪᠡᠳᠴᠢᠲᠡᠨ ᠤ ᠪᠡᠶ᠎ᠡ ᠳᠡᠭᠡᠷ᠎ᠡ ᠢᠯᠡᠷᠡᠵᠦ ᠪᠦᠬᠦᠢ ᠰᠢᠨᠵᠢ ᠢᠯᠡᠷᠡᠯ ᠢᠶᠡᠷ ᠡᠰᠢ ᠪᠠᠷᠢᠮᠲᠠ ᠪᠣᠯᠭᠠᠵᠤ ᠬᠡᠢᠰᠪᠦᠷᠢᠯᠡᠨ ᠰᠡᠳᠭᠢᠵᠦ᠂ ᠳᠠᠬᠢᠨ ᠣᠨᠤᠯ ᠲᠤᠷᠰᠢᠯᠭ᠎ᠠ ᠶᠢ ᠤᠶᠠᠯᠳᠤᠭᠤᠯᠤᠨ ᠠᠯᠢ ᠣᠯᠠᠨ ᠪᠤᠳᠤᠯᠢᠶᠠᠨᠲᠠᠢ ᠰᠢᠨᠵᠢ ᠢᠯᠡᠷᠡᠯ ᠳᠣᠲᠤᠷ᠎ᠠ ᠠᠴᠠ ᠡᠪᠡᠳᠴᠢᠨ ᠤ ᠡᠭᠦᠰᠦᠯᠲᠡ ᠲᠡᠢ ᠰᠢᠭᠤᠳ ᠬᠣᠯᠪᠤᠭᠳᠠᠯ ᠲᠠᠢ ᠵᠦᠢᠯ ᠢ ᠮᠠᠭᠠᠳᠯᠠᠨ ᠣᠯᠵᠤ᠂ ᠡᠭᠦᠨ ᠢᠶᠡᠷ ᠳᠠᠮᠵᠢᠵᠤ ᠡᠪᠡᠳᠴᠢᠨ ᠤ ᠵᠢᠩᠬᠢᠨᠢ ᠰᠢᠯᠲᠠᠭᠠᠨ ᠪᠠ ᠪᠠᠭᠤᠭᠰᠠᠨ ᠣᠷᠤᠨ ᠢ ᠮᠥᠷᠳᠡᠨ ᠲᠣᠳᠤᠯᠠᠵᠤ᠂ ᠡᠨᠡ ᠬᠦ ᠰᠠᠭᠤᠷᠢᠨ ᠳᠡᠭᠡᠷ᠎ᠡ ᠰᠠᠶᠢ ᠡᠮᠴᠢᠯᠡᠭᠡ ᠬᠢᠬᠦ ᠪᠣᠯᠤᠨ᠎ᠠ᠃ ᠡᠭᠦᠨ ᠡᠴᠡ ᠲᠣᠳᠤᠷᠬᠠᠢ ᠣᠯᠵᠤ ᠬᠠᠷᠠᠬᠤ ᠨᠢ᠂ ᠬᠡᠢᠰᠪᠦᠷᠢ ᠰᠡᠳᠭᠢᠬᠦᠢ ᠶᠢᠨ ᠵᠠᠳᠠᠯᠤᠨ ᠰᠢᠨᠵᠢᠯᠡᠬᠦ᠂ ᠬᠤᠷᠢᠶᠠᠩᠭᠤᠢᠯᠠᠬᠤ᠂ ᠬᠠᠷᠢᠶᠠᠯᠠᠭᠤᠯᠤᠨ ᠪᠠᠭᠲᠠᠭᠠᠬᠤ᠂ ᠠᠳᠠᠯᠢᠳᠭᠠᠬᠤ᠂ ᠳ᠋ᠦᠩᠨᠡᠬᠦ᠂ ᠬᠡᠢᠰᠪᠦᠷᠢᠵᠢᠭᠦᠯᠬᠦ ᠵᠡᠷᠭᠡ ᠰᠡᠳᠭᠢᠴᠡ ᠶᠢᠨ ᠶᠠᠪᠤᠴᠠ ᠪᠠ ᠤᠬᠠᠭᠳᠠᠬᠤᠨ᠂ ᠮᠠᠭᠠᠳᠯᠠᠯ᠂ ᠮᠥᠷᠳᠡᠯᠭᠡ ᠵᠡᠷᠭᠡ ᠯᠣᠭᠢᠭ ᠰᠡᠳᠭᠢᠬᠦᠢ ᠨᠢ ᠮᠣᠩᠭᠤᠯ ᠠᠨᠠᠭᠠᠬᠤ ᠤᠬᠠᠭᠠᠨ ᠤ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠳᠤ ᠬᠡᠷᠡᠭᠯᠡᠭᠳᠡᠭᠰᠡᠨ ᠪᠠᠢᠨ᠎ᠠ᠃ ᠡᠢᠮᠦ ᠡᠴᠡ᠂ ᠬᠡᠢᠰᠪᠦᠷᠢ ᠰᠡᠳᠭᠢᠬᠦᠢ ᠨᠢ ᠮᠣᠩᠭᠤᠯ ᠠᠨᠠᠭᠠᠬᠤ ᠤᠬᠠᠭᠠᠨ ᠤ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠲᠠᠢ ᠰᠠᠯᠵᠤ ᠪᠣᠯᠤᠰᠢ ᠦᠭᠡᠢ ᠨᠢᠭᠲᠠ ᠬᠠᠷᠢᠴᠠᠭ᠎ᠠ ᠲᠠᠢ ᠪᠠᠢᠳᠠᠭ᠃ ᠨᠢᠭᠡᠨ ᠬᠢᠷᠢ ᠲᠡᠩᠴᠡᠭᠰᠡᠨ ᠮᠣᠩᠭᠤᠯ ᠠᠨᠠᠭᠠᠬᠤ ᠤᠬᠠᠭᠠᠨ ᠤ ᠳᠣᠲᠤᠷ ᠡᠮᠨᠡᠯᠭᠡ ᠶᠢᠨ ᠡᠮᠴᠢ ᠪᠣᠯᠤᠶ᠎ᠠ ᠭᠡᠪᠡᠯ᠂ ᠡᠷᠬᠡᠪᠰᠢ ᠬᠡᠢᠰᠪᠦᠷᠢ ᠰᠡᠳᠭᠢᠬᠦᠢ ᠶᠢ ᠴᠢᠳᠠᠮᠠᠭᠠᠢ ᠪᠠᠷ ᠠᠰᠢᠭᠯᠠᠨ ᠬᠡᠷᠡᠭᠯᠡᠵᠦ ᠴᠢᠳᠠᠭᠰᠠᠨ ᠪᠠᠢᠬᠤ ᠬᠡᠷᠡᠭᠲᠡᠢ᠃ ᠤᠴᠢᠷ ᠨᠢ᠂ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠪᠣᠯ ᠡᠪᠡᠳᠴᠢᠨ ᠢ ᠵᠥᠪ ᠣᠨᠤᠪᠴᠢᠲᠠᠢ ᠪᠠᠷ ᠲᠠᠨᠢᠵᠤ ᠡᠮᠴᠢᠯᠡᠬᠦ ᠶᠢᠨ ᠵᠠᠩᠭᠢᠯᠠᠭ᠎ᠠ ᠪᠣᠯᠬᠤ ᠪᠥᠭᠡᠳ ᠬᠡᠢᠰᠪᠦᠷᠢ ᠰᠡᠳᠭᠢᠬᠦᠢ ᠶᠢ ᠴᠢᠳᠠᠮᠠᠭᠠᠢ ᠡᠵᠡᠮᠰᠢᠬᠦ ᠪᠣᠯ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠢ ᠵᠥᠪ ᠣᠨᠤᠪᠴᠢᠲᠠᠢ ᠬᠢᠬᠦ ᠶᠢᠨ ᠤᠷᠢᠲᠠᠯ ᠪᠣᠯᠤᠨ᠎ᠠ᠃ ᠡᠨᠡ ᠬᠦ ᠴᠢᠬᠤᠯᠠ ᠴᠢᠨᠠᠷ ᠠᠴᠠ ᠡᠭᠦᠰᠴᠦ᠂ ᠬᠡᠢᠰᠪᠦᠷᠢ ᠰᠡᠳᠭᠢᠬᠦᠢ ᠨᠢ ᠶᠠᠭᠤ ᠪᠣᠯᠬᠤ᠂ ᠲᠡᠭᠦᠨ ᠤ ᠣᠨᠴᠠᠯᠢᠭ ᠰᠢᠨᠵᠢ ᠨᠢ ᠶᠠᠮᠠᠷ ᠪᠠᠢᠬᠤ᠂ ᠮᠣᠩᠭᠤᠯ ᠠᠨᠠᠭᠠᠬᠤ ᠤᠬᠠᠭᠠᠨ ᠤ ᠳᠣᠲᠤᠷ ᠡᠪᠡᠳᠴᠢᠨ ᠤ ᠬᠤᠪᠢᠰᠤᠩᠭᠤᠢ ᠵᠠᠳᠠᠯᠤᠯᠲᠠ ᠶᠢ ᠬᠡᠷᠬᠢᠨ ᠬᠢᠬᠦ᠂ ᠬᠡᠢᠰᠪᠦᠷᠢ ᠰᠡᠳᠭᠢᠬᠦᠢ ᠨᠢ ᠮᠣᠩᠭᠤᠯ ᠡᠮᠨᠡᠯᠭᠡ ᠶᠢᠨ ᠳᠣᠲᠤᠷ ᠡᠪᠡᠳᠴᠢᠨ ᠤ ᠬᠤᠪᠢᠰᠤᠩᠭᠤᠢ ᠵᠳᠯᠯᠲᠠᠠ ᠬᠢᠬᠦ ᠳᠦ ᠴᠣᠬᠤᠮ ᠬᠢᠷᠢ ᠵᠡᠷᠭᠡ ᠦᠢᠯᠡᠳᠦᠯ ᠦᠵᠡᠭᠦᠯᠵᠦ ᠪᠠᠢᠬᠤ ᠵᠡᠷᠭᠡ ᠲᠠᠯ᠎ᠠ ᠠᠴᠠ ᠥᠪᠡᠷ ᠦᠨ ᠣᠢᠯᠠᠭᠠᠯᠲᠠ ᠪᠠᠨ ᠲᠣᠪᠴᠢ ᠥᠭᠦᠯᠡᠵᠦ᠂ ᠮᠣᠩᠭᠤᠯ ᠡᠮ ᠡᠮᠨᠡᠯᠭᠡ ᠰᠤᠷᠴᠤ ᠰᠤᠳᠤᠯᠵᠤ ᠪᠠᠢᠭ᠎ᠠ ᠡᠷᠬᠢᠮ ᠪᠠᠭᠰᠢ ᠨᠠᠷ ᠪᠠ ᠬᠠᠮᠲᠤ ᠨᠥᠬᠥᠳ ᠲᠡᠢ ᠰᠠᠨᠠᠯ ᠢᠶᠠᠨ ᠰᠣᠯᠢᠯᠴᠠᠬᠤ ᠶᠢ ᠵᠣᠷᠢᠪᠠ᠃