ᠳᠤᠮᠳᠠᠳᠤ ᠰᠤᠷᠭᠠᠭᠤᠯᠢ ᠶᠢᠨ ᠪᠡᠶ᠎ᠡ ᠲᠠᠮᠢᠷ ᠤᠨ ᠵᠢᠭᠠᠨ ᠰᠤᠷᠭᠠᠯᠲᠠ ᠶᠢᠨ ᠥᠭᠡᠷᠡᠴᠢᠯᠡᠯᠲᠡ ᠶᠢᠨ ᠲᠤᠬᠠᠢ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ -> 201001
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/04
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ᠴᠢᠮᠠᠨᠵᠤ
ᠵᠠᠩᠭᠢᠯᠠᠭ᠎ᠠ ᠦᠭᠡ᠄ ᠳᠤᠮᠳᠠᠳᠤ ᠰᠤᠷᠭᠠᠭᠤᠯᠢ ᠶᠢᠨ ᠪᠡᠶ᠎ᠡ ᠲᠠᠮᠢᠷ ᠤᠨ ᠵᠢᠭᠠᠨ ᠰᠤᠷᠭᠠᠯᠲᠠ᠂ ᠬᠡᠪ ᠴᠢᠨᠠᠷ ᠤᠨ ᠰᠤᠷᠭᠠᠨ ᠬᠥᠮᠦᠵᠢᠯ᠂ ᠥᠭᠡᠷᠡᠴᠢᠯᠡᠯᠲᠡ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠬᠡᠪ ᠴᠢᠨᠠᠷ ᠤᠨ ᠰᠤᠷᠭᠠᠨ ᠬᠥᠮᠦᠵᠢᠯ ᠨᠢ ᠳᠤᠮᠳᠠᠳᠤ ᠰᠤᠷᠭᠠᠭᠤᠯᠢ ᠶᠢᠨ ᠪᠡᠶ᠎ᠡ ᠲᠠᠮᠢᠷ ᠤᠨ ᠵᠢᠭᠠᠨ ᠰᠤᠷᠭᠠᠯᠲᠠ ᠶᠢᠨ ᠥᠭᠡᠷᠡᠴᠢᠯᠡᠯᠲᠡ ᠳᠦ ᠰᠢᠨ᠎ᠡ ᠬᠠᠷᠠᠯᠲᠠ ᠶᠢ ᠣᠯᠭᠤᠵᠤ᠂ ᠬᠢᠴᠢᠶᠡᠯᠡᠯᠭᠡ ᠶᠢᠨ ᠶᠠᠪᠤᠴᠠ᠂ ᠵᠢᠭᠠᠨ ᠰᠤᠷᠭᠠᠬᠤ ᠠᠷᠭ᠎ᠠ ᠮᠠᠶᠢᠭ᠂ ᠵᠢᠭᠠᠨ ᠰᠤᠷᠭᠠᠬᠤ ᠠᠭᠤᠯᠭ᠎ᠠ ᠪᠣᠯᠤᠨ ᠵᠢᠭᠠᠨ ᠰᠤᠷᠭᠠᠬᠤ ᠬᠠᠮᠢᠶᠠᠷᠤᠯᠲᠠ ᠵᠡᠷᠭᠡ ᠶᠢ ᠪᠦᠷᠢᠯᠳᠦᠭᠦᠯᠦᠨ ᠬᠡᠪ ᠴᠢᠨᠠᠷ ᠤᠨ ᠰᠤᠷᠭᠠᠨ ᠬᠥᠮᠦᠵᠢᠯ ᠦᠨ ᠱᠠᠭᠠᠷᠳᠠᠯᠭ᠎ᠠ ᠶᠢ ᠦᠨᠳᠦᠰᠦᠯᠡᠨ ᠳᠠᠬᠢᠨ ᠰᠢᠨ᠎ᠡ ᠪᠡᠷ ᠬᠢᠨᠠᠨ ᠲᠣᠭᠲᠠᠭᠠᠵᠤ᠂ ᠪᠡᠶ᠎ᠡ ᠲᠠᠮᠢᠷ ᠤᠨ ᠵᠢᠭᠠᠨ ᠰᠤᠷᠭᠠᠯᠲᠠ ᠪᠠᠨ ᠥᠭᠡᠷᠡᠴᠢᠯᠡᠨ᠂ ᠰᠤᠷᠭᠠᠭᠤᠯᠢ ᠶᠢᠨ ᠪᠡᠶ᠎ᠡ ᠲᠠᠮᠢᠷ ᠤᠨ ᠵᠢᠭᠠᠨ ᠰᠤᠷᠭᠠᠯᠲᠠ ᠶᠢ ᠲᠦᠯᠬᠢᠨ ᠠᠬᠢᠭᠤᠯᠬᠤ ᠳᠤ ᠦᠢᠯᠡᠴᠢᠯᠡᠨ᠎ᠡ᠃ ᠵᠣᠬᠢᠶᠠᠯ ᠳᠤ᠂ ᠬᠡᠪ ᠴᠢᠨᠠᠷ ᠤᠨ ᠰᠤᠷᠭᠠᠨ ᠬᠥᠮᠦᠵᠢᠯ ᠦᠨ ᠱᠠᠭᠠᠷᠳᠠᠯᠭ᠎ᠠ ᠶᠢ ᠦᠨᠳᠦᠰᠦᠯᠡᠨ᠂ ᠪᠡᠶ᠎ᠡ ᠲᠠᠮᠢᠷ ᠤᠨ ᠵᠢᠭᠠᠨ ᠰᠤᠷᠭᠠᠯᠲᠠ ᠶᠢᠨ ᠥᠭᠡᠷᠡᠴᠢᠯᠡᠯᠲᠡ ᠶᠢᠨ ᠲᠤᠬᠠᠢ ᠬᠡᠳᠦᠨ ᠲᠠᠯ᠎ᠠ ᠠᠴᠠ ᠥᠭᠦᠯᠡᠪᠡ᠃