PEG ᠶ᠋ᠢᠨ ᠠᠭᠤᠰᠤᠮᠠᠯ ᠢ᠋ᠶ᠋ᠠᠷ ᠵᠣᠬᠢᠶᠠᠮᠠᠯ ᠭᠠᠩᠳᠠᠭᠤ ᠨᠥᠬᠦᠴᠡᠯ ᠢ᠋ ᠪᠣᠢ ᠪᠣᠯᠭᠠᠵᠤ ᠬᠣᠶᠠᠷ ᠵᠦᠢᠯ ᠦ᠋ᠨ ᠮᠣᠷᠢᠨ ᠲᠡᠰᠭᠢ ᠶ᠋ᠢᠨ ᠦᠷ᠎ᠡ ᠶ᠋ᠢᠨ ᠰᠣᠶᠤᠭᠠᠯᠠᠯᠲᠠ ᠶ᠋ᠢᠨ ᠪᠠᠢᠳᠠᠯ ᠢ᠋ ᠰᠢᠨᠵᠢᠯᠡᠭᠰᠡᠨ ᠰᠤᠳᠤᠯᠭᠠᠨ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201603
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 4ᠤᠳᠠᠭ᠎ᠠ
ᠵᠣᠬᠢᠶᠠᠭᠴᠢ᠄ ᠴᠡᠩᠭᠡᠯ
ᠵᠠᠩᠭᠢᠯᠠᠭ᠎ᠠ ᠦᠭᠡ᠄ ᠭᠠᠩᠳᠠᠭᠤ ᠨᠥᠬᠦᠴᠡᠯ︔ ᠮᠣᠷᠢᠨ ᠲᠠᠰᠬᠢ︔ ᠦᠷ᠎ᠡ ᠶ᠋ᠢᠨ ᠰᠣᠶᠤᠭᠠᠯᠠᠯᠲᠠ︔ ᠰᠣᠶᠤᠭᠠᠯᠠᠬᠤ ᠴᠢᠳᠠᠪᠤᠷᠢ ᠪᠠᠨ ᠰᠡᠷᠭᠦᠭᠡᠬᠦ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠰᠤᠳᠤᠯᠭᠠᠨ ᠨᠢ ᠥᠪᠦᠷ ᠮᠣᠩᠭᠤᠯ ᠣᠷᠤᠨ ᠤ᠋ ᠤᠨᠠᠭᠠᠨ ᠳᠦᠷᠰᠦ ᠭᠠᠩ ᠳᠠᠭᠠᠭᠠᠮᠠᠭᠠᠢ ᠬᠣᠷᠴᠢᠨ ᠲᠠᠰᠬᠢ ᠪᠣᠯᠤᠨ ᠤᠯᠠᠭᠠᠨᠴᠠᠪ ᠲᠠᠰᠬᠢ ᠪᠠᠷ ᠰᠤᠳᠤᠯᠬᠤ ᠮᠠᠲ᠋ᠧᠷᠢᠶᠠᠯ ᠪᠣᠯᠭᠠᠵᠤ᠂ ᠲᠡᠳᠡᠭᠡᠷ ᠢ᠋-201~MPa ᠶ᠋ᠢᠨ ᠠᠳᠠᠯᠢ ᠪᠤᠰᠤ ᠨᠡᠪᠴᠢᠯᠲᠡ ᠶ᠋ᠢᠨ ᠴᠢᠳᠠᠪᠬᠢ ᠲᠠᠢPEG ᠶ᠋ᠢᠨ ᠠᠭᠤᠰᠤᠮᠠᠯ ᠢ᠋ᠶ᠋ᠠᠷ ᠦᠢᠯᠡᠴᠢᠯᠡᠭᠦᠯᠵᠦ᠂ ᠦᠷ᠎ᠡ ᠶ᠋ᠢᠨ ᠰᠣᠶᠤᠭᠠᠯᠠᠯᠲᠠ ᠶ᠋ᠢᠨ ᠪᠠᠢᠳᠠᠯ ᠢ᠋ ᠰᠢᠨᠵᠢᠯᠡᠵᠡᠢ᠃ ᠰᠤᠳᠤᠯᠭᠠᠨ ᠤ᠋ ᠳ᠋ᠦᠩ ᠳ᠋ᠤ᠌PEG ᠶ᠋ᠢᠨ ᠠᠭᠤᠰᠤᠮᠠᠯ ᠤ᠋ᠨ ᠨᠡᠪᠴᠢᠯᠲᠡ ᠶ᠋ᠢᠨ ᠴᠢᠳᠠᠪᠬᠢ ᠶ᠋ᠢᠨ ᠳᠣᠷᠤᠭᠰᠢᠯᠠᠬᠤ ᠵᠢ ᠳᠠᠭᠠᠯᠳᠤᠨ ᠬᠣᠶᠠᠷ ᠵᠦᠢᠯ ᠦ᠋ᠨ ᠮᠣᠷᠢᠨ ᠲᠡᠰᠭᠢ ᠶ᠋ᠢᠨ ᠦᠷ᠎ᠡ ᠶ᠋ᠢᠨ ᠰᠣᠶᠤᠭᠠᠯᠠᠯᠲᠠ ᠪᠣᠯᠤᠨ ᠠᠩᠬᠠᠨ ᠤ᠋ ᠦᠨᠳᠦᠰᠦᠨ ᠤ᠋ ᠤᠷᠭᠤᠯᠲᠠ ᠨᠢ ᠪᠦᠷ ᠠᠳᠠᠯᠢ ᠪᠤᠰᠤ ᠬᠡᠮᠵᠢᠶᠡᠨ ᠤ᠋ ᠰᠠᠭᠠᠲᠠᠯᠲᠠ ᠳ᠋ᠤ᠌ ᠤᠴᠠᠷᠠᠵᠠᠢ᠃ ᠶᠡᠷᠦᠩᠬᠡᠢ ᠳ᠋ᠡᠭᠡᠨPEG ᠶ᠋ᠢᠨ ᠠᠭᠤᠰᠤᠮᠠᠯ ᠤ᠋ᠨ ᠨᠡᠪᠴᠢᠯᠲᠡ ᠶ᠋ᠢᠨ ᠴᠢᠳᠠᠪᠬᠢ ᠬᠡᠳᠦᠢ ᠳᠣᠣᠷ᠎ᠠ ᠪᠣᠯ ᠰᠠᠭᠠᠲᠠᠯᠲᠠ ᠳ᠋ᠤ᠌ ᠨᠥᠯᠦᠭᠡᠯᠡᠭᠳᠡᠬᠦ ᠬᠡᠮᠵᠢᠶ᠎ᠡ ᠨᠢ ᠲᠡᠳᠦᠢ ᠢᠯᠡᠷᠬᠡᠢ᠃ ᠭᠡᠪᠡᠴᠦ ᠪᠠᠭ᠎ᠠ ᠬᠡᠮᠵᠢᠶᠡᠨ ᠤ᠋ ᠭᠠᠩᠳᠠᠭᠤ ᠨᠥᠬᠦᠴᠡᠯ ᠨᠢ ᠬᠣᠶᠠᠷ ᠵᠦᠢᠯ ᠦ᠋ᠨ ᠮᠣᠷᠢᠨ ᠲᠡᠰᠭᠢ ᠶ᠋ᠢᠨ ᠦᠷ᠎ᠡ ᠶ᠋ᠢᠨ ᠰᠣᠶᠤᠭᠠᠯᠠᠯᠲᠠ ᠪᠣᠯᠤᠨ ᠠᠩᠬᠠᠨ ᠤ᠋ ᠦᠨᠳᠦᠰᠦᠨ ᠤ᠋ ᠤᠷᠭᠤᠯᠲᠠ ᠵᠢ ᠠᠬᠢᠭᠤᠯᠳᠠᠭ ᠪᠠᠢᠨ᠎ᠠ᠃ ᠬᠣᠶᠠᠷ ᠵᠦᠢᠯ ᠦ᠋ᠨ ᠮᠣᠷᠢᠨ ᠲᠠᠰᠬᠢ ᠶ᠋ᠢᠨ ᠦᠷ᠎ᠡ ᠶ᠋ᠢᠨ ᠰᠣᠶᠤᠭᠠᠯᠠᠯᠲᠠ ᠶ᠋ᠢᠨ ᠳᠠᠭᠠᠭᠠᠵᠤ ᠳᠡᠢᠯᠬᠦ ᠨᠡᠪᠴᠢᠯᠲᠡ ᠶ᠋ᠢᠨ ᠴᠢᠳᠠᠪᠬᠢ ᠶ᠋ᠢᠨ ᠬᠢᠵᠠᠭᠠᠷ ᠬᠡᠮᠵᠢᠭᠳᠡᠯ ᠨᠢ ᠲᠤᠰᠪᠤᠷᠢ-2.1MPa ᠪᠣᠯᠤᠨ-1.5MPa ᠪᠣᠯᠤᠨ᠎ᠠ᠃ ᠡᠭᠦᠨ ᠡᠴᠡ ᠦᠵᠡᠪᠡᠯ ᠬᠣᠷᠴᠢᠨ ᠲᠡᠰᠭᠢ ᠨᠢ ᠭᠠᠩ ᠳᠠᠭᠠᠭᠠᠬᠤ ᠴᠢᠨᠠᠷ ᠢ᠋ᠶ᠋ᠠᠷ ᠤᠯᠠᠭᠠᠨᠴᠠᠪ ᠲᠡᠰᠭᠢ ᠠ᠋ᠴᠠ ᠳᠠᠪᠠᠭᠤᠯᠢᠭ ᠪᠠᠢᠨ᠎ᠠ᠃PEG ᠶ᠋ᠢᠨ ᠠᠭᠤᠰᠤᠮᠠᠯ ᠳ᠋ᠤ᠌ ᠳᠡᠪᠲᠦᠭᠡᠭᠰᠡᠨ ᠮᠣᠷᠢᠨ ᠲᠠᠰᠬᠢ ᠶ᠋ᠢᠨ ᠦᠷ᠎ᠡ ᠨᠢ ᠵᠣᠬᠢᠬᠤ ᠨᠥᠬᠦᠴᠡᠯ ᠳᠣᠣᠷ᠎ᠠ ᠳᠠᠬᠢᠨ ᠰᠣᠶᠤᠭᠠᠯᠠᠬᠤ ᠴᠢᠳᠠᠪᠤᠷᠢ ᠪᠡᠨ ᠰᠡᠷᠭᠦᠭᠡᠵᠦ ᠴᠢᠳᠠᠨ᠎ᠠ᠃ ᠭᠡᠪᠡᠴᠦ ᠠᠭᠤᠰᠤᠮᠠᠯ ᠳ᠋ᠤ᠌ ᠳᠡᠪᠲᠦᠭᠡᠭᠰᠡᠨ ᠴᠠᠭ ᠤ᠋ᠨ ᠤᠷᠲᠤᠰᠬᠤ ᠵᠢ ᠳᠠᠭᠠᠯᠳᠤᠨ ᠦᠷ᠎ᠡ ᠶ᠋ᠢᠨ ᠭᠠᠩᠳᠠᠭᠤ ᠨᠥᠬᠦᠴᠡᠯ ᠳ᠋ᠤ᠌ ᠨᠥᠯᠦᠭᠡᠯᠡᠭᠳᠡᠬᠦ ᠬᠡᠮᠵᠢᠶ᠎ᠡ ᠨᠢ ᠤᠯᠠᠮ ᠶᠡᠬᠡᠰᠴᠦ᠂ ᠴᠢᠨᠠᠭᠰᠢᠯᠠᠭᠠᠳ ᠰᠣᠶᠤᠭᠠᠯᠠᠬᠤ ᠴᠢᠳᠠᠪᠤᠷᠢ ᠪᠠᠨ ᠠᠯᠳᠠᠨ᠎ᠠ᠃