ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

ᠴᠢᠰᠤᠨ ᠳᠠᠷᠤᠯᠲᠠ ᠥᠨᠳᠦᠷᠵᠢᠭᠰᠡᠨ ᠡᠪᠡᠳᠴᠢᠨ ᠤ᠋ ᠲᠤᠬᠠᠢ ᠳᠥᠭᠦᠮ ᠣᠢᠯᠠᠭᠠᠯᠲᠠ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201603
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ᠪᠣᠣ ᠯᠢ ᠬᠣᠩ᠂ ᠪᠣᠣ ᠠᠨ
ᠵᠠᠩᠭᠢᠯᠠᠭ᠎ᠠ ᠦᠭᠡ᠄ ᠴᠢᠰᠤᠨ ᠳᠠᠷᠤᠯᠲᠠ ᠥᠨᠳᠦᠷᠵᠢᠭᠰᠡᠨ ᠡᠪᠡᠳᠴᠢᠨ︔ ᠮᠣᠩᠭᠤᠯ ᠠᠨᠠᠭᠠᠬᠤ ᠤᠬᠠᠭᠠᠨ︔ ᠣᠢᠯᠠᠭᠠᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠴᠢᠰᠤᠨ ᠳᠠᠷᠤᠯᠲᠠ ᠥᠨᠳᠦᠷᠵᠢᠭᠰᠡᠨ ᠡᠪᠡᠳᠴᠢᠨ ᠪᠣᠯ ᠯᠠᠭᠰᠢᠭᠤᠨ ᠰᠤᠳᠠᠯ ᠤ᠋ᠨ ᠴᠢᠰᠤᠨ ᠳᠠᠷᠤᠯᠲᠠ ᠦᠷᠭᠦᠯᠵᠢᠯᠡᠨ ᠥᠨᠳᠦᠷᠵᠢᠬᠦ ᠪᠡᠷ ᠭᠣᠣᠯ ᠢᠯᠡᠷᠡᠯ ᠪᠣᠯᠭᠠᠭᠰᠠᠨ ᠨᠢᠭᠡ ᠲᠥᠷᠦᠯ ᠦ᠋ᠨ ᠠᠷᠬᠠᠭ ᠴᠢᠨᠠᠷᠲᠠᠢ ᠡᠪᠡᠳᠴᠢᠨ ᠪᠣᠯᠤᠨ᠎ᠠ᠃ ᠡᠮᠴᠢᠯᠡᠭᠡᠨ ᠳᠡᠭᠡᠷ᠎ᠡ ᠭᠣᠣᠯᠳᠠᠭᠤ ᠲᠣᠯᠤᠭᠠᠢ ᠡᠪᠡᠳᠬᠦ᠂ ᠲᠣᠯᠤᠭᠠᠢ ᠡᠷᠭᠢᠬᠦ᠂ ᠪᠡᠶ᠎ᠡ ᠶᠠᠳᠠᠷᠠᠬᠤ᠂ ᠵᠢᠷᠦᠬᠡ ᠴᠡᠴᠡᠷᠡᠨ ᠠᠮᠢᠰᠭᠤᠯ ᠳᠠᠪᠬᠤᠴᠠᠬᠤ᠂ ᠨᠢᠳᠦ ᠡᠷᠢᠶᠡᠯᠵᠢᠬᠦ᠂ ᠴᠢᠬᠢ ᠱᠤᠤᠭᠢᠬᠤ᠂ ᠨᠣᠢᠷ ᠬᠤᠯᠵᠢᠬᠤ ᠵᠡᠷᠭᠡ ᠰᠢᠨᠵᠢ ᠲᠡᠮᠳᠡᠭ ᠢᠯᠡᠷᠡᠬᠦ ᠪᠥᠭᠡᠳ ᠬᠦᠨᠳᠦᠷᠡᠪᠡᠯ ᠲᠠᠷᠢᠬᠢ ᠴᠢᠰᠤᠨ ᠰᠤᠳᠠᠯ ᠤ᠋ᠨ ᠡᠪᠡᠳᠴᠢᠨ᠂ ᠵᠢᠷᠦᠬᠡᠨ ᠲᠠᠮᠢᠷ ᠮᠠᠭᠤᠳᠬᠤ᠂ ᠪᠥᠭᠡᠷᠡᠨ ᠲᠠᠮᠢᠷ ᠮᠠᠭᠤᠳᠬᠤ ᠵᠡᠷᠭᠡ ᠡᠪᠡᠳᠴᠢᠨ ᠢ᠋ ᠡᠭᠦᠰᠭᠡᠵᠦ᠂ ᠬᠥᠮᠦᠰ ᠦ᠋ᠨ ᠪᠡᠶ᠎ᠡ ᠰᠡᠳᠭᠢᠴᠡ ᠬᠢᠭᠡᠳ ᠠᠮᠢᠳᠤᠷᠠᠯ ᠢ᠋ ᠨᠥᠯᠦᠭᠡᠯᠡᠳᠡᠭ᠃ ᠡᠪᠡᠳᠴᠢᠯᠡᠯᠲᠡ ᠨᠢ ᠤᠳᠤᠮ ᠤᠭᠰᠠᠭ᠎ᠠ᠂ ᠨᠡᠢᠭᠡᠮ᠂ ᠭᠡᠷ ᠪᠦᠯᠢ᠂ ᠠᠮᠢᠳᠤᠷᠠᠯ ᠤ᠋ᠨ ᠳᠠᠳᠭᠠᠯ᠂ ᠣᠷᠤᠨ ᠰᠠᠭᠤᠴᠠ᠂ ᠠᠵᠢᠯ ᠰᠤᠷᠤᠯᠭ᠎ᠠ ᠲᠠᠢ ᠨᠢᠭᠲᠠ ᠬᠣᠯᠪᠤᠭ᠎ᠠ ᠲᠠᠢ ᠪᠠᠢᠵᠤ᠂ ᠬᠦᠨᠳᠦᠷᠡᠪᠡᠯ ᠠᠮᠢ ᠨᠠᠰᠤ ᠵᠢ ᠴᠤ᠌ ᠬᠥᠨᠦᠭᠡᠳᠡᠭ᠃ ᠴᠢᠰᠤᠨ ᠳᠠᠷᠤᠯᠲᠠ ᠥᠨᠳᠦᠷ ᠡᠪᠡᠳᠴᠢᠨ ᠨᠢ ᠡᠳᠦᠷ ᠢᠷᠡᠬᠦᠶ᠎ᠡ ᠨᠡᠮᠡᠭᠳᠡᠬᠦ ᠬᠠᠨᠳᠤᠰᠢ ᠲᠠᠢ᠃ ᠮᠠᠨ ᠤ᠋ ᠤᠯᠤᠰ ᠤ᠋ᠨ ᠨᠠᠰᠤᠨ ᠳ᠋ᠤ᠌ ᠬᠦᠷᠦᠭᠰᠡᠳ ᠦ᠋ᠨ ᠳᠤᠮᠳᠠᠬᠢ ᠡᠭᠦᠰᠦᠯᠲᠡ ᠶ᠋ᠢᠨ ᠨᠤᠷᠮ᠎ᠠ ᠨᠢ7.8% ᠣᠷᠴᠢᠮ ᠬᠦᠷᠴᠦ᠂ ᠢᠯᠠᠩᠭᠤᠶ᠎ᠠ40-50 ᠨᠠᠰᠤᠨ ᠠ᠋ᠴᠠ ᠳᠡᠭᠡᠭᠰᠢᠬᠢ ᠬᠥᠮᠦᠰ ᠲᠦ᠍ ᠣᠯᠠᠨ ᠲᠣᠬᠢᠶᠠᠯᠳᠤᠨ᠎ᠠ᠃ ᠴᠢᠰᠤᠨ ᠳᠠᠷᠤᠯᠲᠠ ᠥᠨᠳᠦᠷᠵᠢᠭᠰᠡᠨ ᠡᠪᠡᠳᠴᠢᠨ ᠢ᠋ ᠤᠷᠢᠳᠴᠢᠯᠠᠨ ᠰᠡᠷᠭᠡᠢᠯᠡᠬᠦ᠂ ᠡᠷᠲᠡ ᠣᠨᠤᠰᠢᠯᠠᠨ᠂ ᠡᠷᠲᠡ ᠡᠮᠴᠢᠯᠡᠬᠦ ᠵᠡᠷᠭᠡ ᠶ᠋ᠢᠨ ᠮᠡᠳᠡᠯᠭᠡ ᠵᠢ ᠢᠳᠡᠪᠬᠢᠲᠡᠢ ᠤᠬᠠᠭᠤᠯᠤᠨ᠂ ᠲᠤᠰ ᠡᠪᠡᠳᠴᠢᠨ ᠤ᠋ ᠲᠤᠬᠠᠢ ᠵᠣᠬᠢᠬᠤ ᠣᠢᠯᠠᠭᠠᠯᠲᠠ ᠲᠠᠢ ᠪᠣᠯᠭᠠᠵᠤ᠂ ᠬᠥᠮᠦᠰ ᠦ᠋ᠨ ᠦᠵᠡᠯ ᠤᠬᠠᠮᠰᠠᠷᠠᠯ ᠢ᠋ ᠳᠡᠭᠡᠭᠰᠢᠯᠡᠭᠦᠯᠬᠦ ᠶᠠᠪᠤᠳᠠᠯᠱᠠᠭᠠᠷᠳᠠᠭᠳᠠᠵᠤ ᠪᠣᠢ᠃ ᠲᠤᠰ ᠥᠭᠦᠯᠡᠯ ᠳ᠋ᠤ᠌ ᠭᠣᠣᠯᠳᠠᠭᠤ ᠴᠢᠰᠤᠨ ᠳᠠᠷᠤᠯᠲᠠ ᠥᠨᠳᠦᠷ ᠡᠪᠡᠳᠴᠢᠨ ᠤ᠋ ᠲᠤᠬᠠᠢ ᠥᠪᠡᠷ ᠦ᠋ᠨ ᠣᠢᠯᠠᠭᠠᠯᠲᠠ ᠪᠠᠨ ᠳᠥᠭᠦᠮ ᠥᠭᠦᠯᠡᠪᠡ᠃