ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠣᠷᠴᠢᠨ ᠴᠠᠭ ᠤ᠋ᠨ ᠮᠣᠩᠭᠤᠯ ᠬᠡᠯᠡᠨ ᠦ᠌ ᠪᠠᠢᠮᠵᠢ ᠶ᠋ᠢᠨ ᠠᠢ ᠶ᠋ᠢᠨ ᠲᠤᠬᠠᠢ ᠥᠭᠦᠯᠡᠬᠦ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201606
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/03
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠪᠣ ᠮᠠᠨᠯᠢᠶᠠᠩ ᠴᠢ ᠪᠠᠢ ᠯᠢᠩ
ᠵᠠᠩᠭᠢᠯᠠᠭ᠎ᠠ ᠦᠭᠡ᠄ ᠮᠣᠩᠭᠤᠯ ᠬᠡᠯᠡ︔ ᠪᠠᠢᠮᠵᠢ ᠶ᠋ᠢᠨ ᠠᠢ
ᠰᠠᠭᠤᠷᠢ ᠮᠥᠩᠭᠦᠨ ᠤ᠋ ᠳᠡᠮᠵᠢᠯᠭᠡ᠄ ᠲᠤᠰ ᠰᠤᠳᠤᠯᠭᠠᠨ ᠤ᠋ ᠰᠡᠳᠦᠪ ᠨᠢ ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ2015 ᠣᠨ ᠤ᠋ ᠡᠷᠳᠡᠮ ᠰᠢᠨᠵᠢᠯᠡᠭᠡᠨ ᠦ᠌ ᠪᠠᠭ ᠤ᠋ᠨᠪᠠᠢᠭᠤᠯᠤᠯᠲᠠ︽ ᠮᠣᠩᠭᠤᠯ ᠲᠥᠷᠦᠯ ᠬᠡᠯᠡᠨ ᠦ᠌ ᠰᠤᠳᠤᠯᠤᠯ︾ ᠤ᠋ᠨ︵ ᠵᠥᠪᠰᠢᠶᠡᠷᠡᠭᠰᠡᠨ ᠳ᠋ᠤᠭᠠᠷ᠄2015MDTD17C︶ᠲᠥᠰᠦᠯ ᠦ᠋ᠨ ᠳᠡᠮᠵᠢᠯᠭᠡ ᠶᠢ ᠣᠯᠪᠠ᠃
ᠠᠭᠤᠯᠭ᠎ᠠ ᠶ᠋ᠢᠨ ᠲᠣᠪᠴᠢ᠄ ᠪᠠᠢᠮᠵᠢ ᠤᠳᠭ᠎ᠠ ᠪᠣᠯ ᠥᠭᠦᠯᠡᠭᠴᠢ ᠶ᠋ᠢᠨ ᠥᠭᠦᠯᠡᠬᠦ ᠰᠡᠳᠦᠪ ᠦ᠋ᠨ ᠠᠭᠤᠯᠭ᠎ᠠ ᠳ᠋ᠤ᠌ ᠬᠠᠨᠳᠤᠭᠰᠠᠨ ᠣᠪᠤᠷ᠂ ᠦᠵᠡᠯᠲᠡ᠂ ᠬᠦᠰᠡᠯ᠂ ᠱᠠᠭᠠᠷᠳᠠᠯᠭ᠎ᠠ ᠵᠡᠷᠭᠡ ᠶᠢ ᠢᠯᠡᠳᠭᠡᠳᠡᠭ᠃ ᠣᠷᠴᠢᠨ ᠴᠠᠭ ᠤ᠋ᠨ ᠮᠣᠩᠭᠤᠯ ᠬᠡᠯᠡᠨ ᠦ᠌ ᠪᠠᠢᠮᠵᠢ ᠶ᠋ᠢᠨ ᠠᠢ ᠳ᠋ᠤ᠌ ᠶᠡᠬᠡ ᠲᠥᠯᠦᠪ ᠲᠠᠨᠢᠯᠲᠠ ᠶ᠋ᠢᠨ ᠪᠠᠢᠮᠵᠢ᠂ ᠦᠢᠯᠡ ᠪᠠᠢᠳᠠᠯ ᠤ᠋ᠨ ᠪᠠᠢᠮᠵᠢ᠂ ᠦᠢᠯᠡ ᠠᠵᠢᠯᠯᠠᠭᠠᠨ ᠤ᠋ ᠪᠠᠢᠮᠵᠢ ᠭᠤᠷᠪᠠᠨ ᠲᠥᠷᠦᠯ ᠪᠤᠢ᠃ ᠬᠡᠯᠡ ᠨᠦ᠍ᠭᠦᠳ ᠦ᠋ᠨ ᠪᠠᠢᠮᠵᠢ ᠤᠳᠭ᠎ᠠ ᠳ᠋ᠤ᠌ ᠪᠡᠶᠡᠴᠢ ᠰᠢᠨᠵᠢ᠂ ᠬᠡᠢᠰᠪᠦᠷᠢ ᠰᠢᠨᠵᠢ᠂ ᠳᠡᠪᠢᠰᠬᠡᠷᠯᠡᠬᠦᠢ ᠰᠢᠨᠵᠢ᠂ᠬᠠᠷᠢᠯᠴᠠᠭᠠᠨ ᠤ᠋ ᠴᠢᠳᠠᠮᠵᠢ ᠶ᠋ᠢᠨ ᠰᠢᠨᠵᠢ ᠵᠡᠷᠭᠡ ᠨᠡᠢᠲᠡᠯᠢᠭ ᠰᠢᠨᠵᠢ ᠪᠠᠢᠭ᠎ᠠ ᠪᠣᠯᠪᠠᠴᠤ ᠣᠷᠴᠢᠨ ᠴᠠᠭ ᠤ᠋ᠨ ᠮᠣᠩᠭᠤᠯ ᠬᠡᠯᠡᠨ ᠦ᠌ ᠪᠠᠢᠮᠵᠢ ᠶ᠋ᠢᠨ ᠠᠢ ᠨᠢ ᠪᠦᠲᠦᠴᠡ ᠪᠦᠷᠢᠯᠳᠦᠬᠦᠨ ᠪᠠ ᠢᠯᠡᠳᠭᠡᠬᠦ ᠠᠷᠭ᠎ᠠ ᠶ᠋ᠢᠨ ᠬᠤᠪᠢ ᠳ᠋ᠤ᠌ ᠪᠤᠰᠤᠳ ᠬᠡᠯᠡᠨ ᠡᠴᠡ ᠢᠯᠭᠠᠭᠳᠠᠬᠤ ᠵᠦᠢᠯ ᠪᠤᠢ᠂ ᠡᠢᠮᠦ ᠡᠴᠡ ᠲᠡᠳᠡᠭᠡᠷ ᠢ᠋ ᠠᠳᠠᠯᠢ ᠨᠢᠭᠡ ᠲᠣᠮᠢᠶᠠᠯᠠᠯ ᠢ᠋ᠶ᠋ᠠᠷ ᠲᠠᠢᠯᠪᠤᠷᠢᠯᠠᠵᠤ ᠡᠰᠡ ᠪᠣᠯᠤᠨ᠎ᠠ᠃