ᠣᠷᠴᠢᠨ ᠴᠠᠭ ᠤᠨ ᠮᠣᠩᠭᠤᠯ ᠬᠡᠯᠡᠨ ᠦ ᠨᠡᠢᠯᠡᠮᠡᠯ ᠦᠭᠡ ᠶᠢᠨ ᠤᠳᠭ᠎ᠠ ᠰᠤᠳᠤᠯᠤᠯ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 200205
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/28
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠳ᠋᠊ ᠰᠠᠷᠠᠨ᠎ᠠ
ᠵᠠᠩᠭᠢᠯᠠᠭ᠎ᠠ ᠦᠭᠡ᠄ ᠣᠷᠴᠢᠨ ᠴᠠᠭ ᠤᠨ ᠮᠣᠩᠭᠤᠯ ᠬᠡᠯᠡ ᠂ ᠨᠡᠢᠯᠡᠮᠡᠯ ᠦᠭᠡ ᠶᠢᠨ ᠤᠳᠭ᠎ᠠ ᠂ ᠨᠡᠢᠯᠡᠮᠡᠯ ᠦᠭᠡ ᠶᠢᠨ ᠥᠩᠭᠡᠨ ᠪᠦᠲᠦᠴᠡ ᠶᠢᠨ ᠵᠠᠳᠠᠯᠤᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠬᠡᠰᠡᠭ ᠲᠦ ᠂ ᠨᠡᠢᠯᠡᠮᠡᠯ ᠦᠭᠡ ᠶᠢᠨ ᠤᠳᠭ᠎ᠠ ᠶᠢᠨ ᠣᠨᠴᠠᠯᠢᠭ ᠢ ᠬᠡᠪᠰᠢᠮᠡᠯ ᠰᠢᠨᠵᠢ ᠂ ᠦᠨᠳᠦᠰᠦᠲᠡᠨ ᠦ ᠰᠢᠨᠵᠢ ᠪᠠ ᠲᠣᠭᠲᠠᠪᠤᠷᠢᠲᠤ ᠰᠢᠨᠵᠢ ᠭᠡᠬᠦ ᠭᠤᠷᠪᠠᠨ ᠵᠦᠢᠯ ᠳᠦ ᠬᠤᠷᠢᠶᠠᠩᠭᠤᠢᠯᠠᠨ ᠂ ᠳᠠᠬᠢᠨ ᠨᠡᠢᠯᠡᠮᠡᠯ ᠦᠭᠡ ᠶᠢᠨ ᠤᠳᠭ᠎ᠠ ᠶᠢᠨ ᠪᠦᠷᠢᠯᠳᠦᠯ ᠳᠦ ᠬᠣᠯᠪᠤᠭᠳᠠᠬᠤ ᠤᠳᠭ᠎ᠠ ᠶᠢᠨ ᠪᠥᠭᠡᠮᠨᠡᠷᠡᠬᠦ ᠬᠠᠷᠢᠴᠠᠭ᠎ᠠ ᠪᠠ ᠤᠳᠭ᠎ᠠ ᠶᠢᠨ ᠨᠠᠢᠷᠠᠬᠤ ᠬᠠᠷᠢᠴᠠᠭ᠎ᠠ ᠂ ᠲᠣᠭᠲᠠᠮᠠᠯ ᠤᠳᠭ᠎ᠠ ᠪᠠ ᠬᠥᠳᠡᠯᠦᠩᠭᠦᠢ ᠤᠳᠭ᠎ᠠ ᠵᠢᠴᠢ ᠥᠩᠭᠡᠨ ᠪᠦᠲᠦᠴᠡ ᠪᠠ ᠭᠦᠨ ᠪᠦᠲᠦᠴᠡ ᠶᠢᠨ ᠲᠤᠬᠠᠢ ᠵᠠᠳᠠᠯᠤᠯᠲᠠ ᠬᠢᠵᠦ ᠂ ᠨᠡᠢᠯᠡᠮᠡᠯ ᠦᠭᠡ ᠶᠢᠨ ᠥᠩᠭᠡᠨ ᠪᠦᠲᠦᠴᠡ ᠶᠢᠨ ᠬᠡᠯᠪᠡᠷᠢ ᠶᠢ ᠲᠡᠭᠦᠨ ᠦ ᠦᠭᠡᠯᠡᠪᠦᠷᠢ ᠨᠦᠭᠥᠳ ᠦᠨ ᠪᠠᠷᠢᠯᠳᠤᠨ ᠨᠢᠭᠡᠳᠬᠦ ᠬᠠᠷᠢᠴᠠᠭ᠎ᠠ ᠳᠤ ᠦᠨᠳᠦᠰᠦᠯᠡᠨ ᠂ ᠨᠡᠷᠡᠯᠡᠬᠦᠢ ᠨᠡᠢᠯᠡᠮᠡᠯ ᠦᠭᠡ ᠶᠢᠨ ᠬᠠᠷᠢᠴᠠᠭ᠎ᠠ ᠨᠢ ᠭᠤᠷᠪᠠᠨ ᠵᠦᠢᠯ ᠪᠠᠢᠬᠤ ᠂ ᠴᠢᠮᠡᠬᠦᠢ ᠨᠡᠢᠯᠡᠮᠡᠯ ᠦᠭᠡ ᠶᠢᠨ ᠬᠠᠷᠢᠴᠠᠭ᠎ᠠ ᠨᠢ ᠳᠥᠷᠪᠡᠨ ᠵᠦᠢᠯ ᠪᠠᠢᠵᠤ ᠂ ᠦᠭᠡᠯᠡᠬᠦᠢ ᠨᠡᠢᠯᠡᠮᠡᠯ ᠦᠭᠡ ᠶᠢᠨ ᠬᠠᠷᠢᠴᠠᠭ᠎ᠠ ᠨᠢ ᠭᠤᠷᠪᠠᠨ ᠵᠦᠢᠯ ᠪᠠᠢᠬᠤ ᠮᠡᠲᠦ ᠪᠡᠷ ᠪᠣᠳᠠᠲᠠᠢ ᠠᠩᠭᠢᠯᠠᠯ ᠬᠢᠭᠰᠡᠨ ᠪᠠᠢᠨ᠎ᠠ ᠃