ᠰᠸᠡᠳᠢᠱ ᠦᠨ ᠬᠤᠶᠠᠷ ᠵᠠᠭᠤᠨ ᠴᠥᠮ᠎ᠡ ᠦᠭᠡ ᠶᠢᠨ ᠪᠤᠤ ᠠᠨ ᠬᠡᠯᠡᠨ ᠳ᠋ᠡᠬᠢ ᠬᠡᠷᠡᠭᠯᠡᠭᠡᠨ ᠊ᠣ᠌ ᠪᠠᠢᠳᠠᠯ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201602
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/19
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠴᠡᠪᠡᠷᠬᠠᠰ
ᠵᠠᠩᠭᠢᠯᠠᠭ᠎ᠠ ᠦᠭᠡ᠄ ᠰᠸᠠᠳᠢᠱ ᠤᠨ200 ᠴᠥᠮ᠎ᠡ ᠦᠭᠡ᠂ ᠪᠤᠤ ᠠᠨ ᠊ᠬᠡᠯᠡ ᠪᠠ ᠮᠣᠩᠭᠤᠯ ᠬᠡᠯᠡ᠂ ᠢᠵᠢᠯᠢ ᠭᠠᠷᠤᠯ ᠲᠠᠢ ᠦᠭᠡ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠪᠢᠳᠡ ᠠᠮᠧᠷᠢᠺᠠ ᠶᠢᠨ ᠬᠡᠯᠡ ᠰᠢᠨᠵᠢᠯᠡᠯ ᠤᠨ ᠡᠷᠳᠡᠮᠲᠡᠨ ᠰᠸᠠᠳᠢᠱ ᠤᠨ200 ᠴᠥᠮ᠎ᠡ ᠦᠭᠡ ᠳᠦ ᠰᠠᠭᠤᠷᠢᠯᠠᠨ ᠡᠳᠡᠭᠡᠷ ᠦᠭᠡᠰ ᠦᠨ ᠪᠤᠤ ᠠᠨ ᠬᠡᠯᠡᠨ ᠳ᠋ᠡᠬᠢ ᠬᠡᠷᠡᠭᠯᠡᠭᠡᠨ ᠊ᠣ᠌ ᠪᠠᠢᠳᠠᠯ ᠳᠤ ᠪᠠᠢᠴᠠᠭᠠᠯᠲᠠ ᠬᠢᠪᠡ᠃ ᠪᠤᠤ ᠠᠨ ᠬᠡᠯᠡᠨ ᠊ᠣ᠌200 ᠴᠥᠮ᠎ᠡ ᠦᠭᠡ ᠶᠢ ᠶᠡᠬᠡ ᠲᠥᠯᠦᠪ ᠪᠤᠤ ᠠᠨ ᠬᠡᠯᠡᠨ ᠊ᠣ᠌ ᠲᠤᠰᠠᠭᠠᠷ ᠦᠭᠡ ᠪᠤᠶᠤ ᠭᠠᠷᠤᠯ ᠢ ᠨᠢ ᠲᠤᠳᠤᠯᠠᠵᠦ ᠴᠢᠳᠠᠭ᠎ᠠ ᠦᠭᠡᠢ ᠦᠭᠡ᠂ ᠵᠢᠭᠡᠯᠡᠭᠡ ᠦᠭᠡ᠂ ᠮᠣᠩᠭᠤᠯ ᠬᠡᠯᠡ ᠯᠦᠭᠡ ᠢᠵᠢᠯᠢ ᠭᠠᠷᠤᠯ ᠲᠠᠢ ᠦᠭᠡ ᠭᠡᠵᠦ ᠭᠤᠷᠪᠠᠨ ᠶᠡᠬᠡ ᠲᠥᠷᠦᠯ ᠳᠦ ᠠᠩᠭᠢᠯᠠᠨ ᠦᠵᠡᠵᠦ ᠪᠣᠯᠤᠨ᠎ᠠ᠃ ᠪᠤᠤ ᠠᠨ ᠬᠡᠯᠡᠨ ᠊ᠣ᠌200 ᠴᠥᠮ᠎ᠡ ᠦᠭᠡ ᠶᠢᠨ ᠳᠣᠲᠤᠷ᠎ᠠ ᠪᠤᠤ ᠠᠨ ᠬᠡᠯᠡᠨ ᠊ᠣ᠌ ᠲᠤᠰᠠᠭᠠᠷ ᠦᠭᠡ ᠪᠤᠶᠤ ᠭᠠᠷᠤᠯ ᠢ ᠨᠢ ᠲᠣᠳᠤᠯᠠᠵᠤ ᠴᠢᠳᠠᠭ᠎ᠠ ᠦᠭᠡᠢ ᠦᠭᠡ11 ᠵᠤᠷᠪᠤᠰ ᠪᠠᠢᠵᠦ ᠪᠦᠬᠦ ᠴᠥᠮ᠎ᠡ ᠦᠭᠡᠰ ᠤᠨ5᠂5% ᠶᠢ ᠡᠵᠡᠯᠡᠵᠦ᠂ ᠵᠢᠭᠡᠯᠡᠭᠡ ᠦᠭᠡ38 ᠵᠤᠷᠪᠤᠰ ᠪᠠᠢᠵᠦ ᠪᠦᠬᠦ ᠴᠥᠮ᠎ᠡ ᠦᠭᠡᠰ ᠦᠨ19% ᠶᠢ ᠡᠵᠡᠯᠡᠵᠦ᠂ ᠮᠣᠩᠭᠤᠯ ᠬᠡᠯᠡ ᠯᠦᠭᠡ ᠢᠵᠢᠯ ᠭᠠᠷᠤᠯ ᠲᠠᠢ ᠦᠭᠡ151 ᠵᠤᠷᠪᠤᠰ ᠪᠠᠢᠵᠦ ᠪᠦᠬᠦ ᠴᠥᠮ᠎ᠡ ᠦᠭᠡᠰ ᠦᠨ75᠂5% ᠶᠢ ᠡᠵᠡᠯᠡᠵᠦ ᠪᠠᠢᠨ᠎ᠠ᠃ ᠮᠣᠩᠭᠤᠯ ᠬᠡᠯᠡ ᠲᠠᠢ ᠢᠵᠢᠯ ᠭᠠᠷᠤᠯ ᠲᠠᠢ ᠪᠤᠤ ᠠᠨ ᠬᠡᠯᠡᠨ ᠊ᠣ᠌ ᠦᠭᠡᠰ ᠨᠢ ᠠᠪᠢᠶ᠎ᠠ ᠪᠠ ᠤᠳᠬ᠎ᠠ ᠶᠢᠨ ᠲᠠᠯ᠎ᠠ ᠪᠠᠷ ᠮᠣᠩᠭᠤᠯ ᠬᠡᠯᠡ ᠯᠦᠭᠡ ᠰᠢᠰᠲ᠋ᠧᠮ ᠲᠠᠢ ᠴᠢᠩᠭ᠎ᠠ ᠲᠣᠬᠢᠷᠠᠯᠴᠠᠭ᠎ᠠ ᠢᠯᠡᠷᠡᠵᠦ ᠪᠠᠢᠬᠤ ᠪᠠᠷ ᠦᠯᠦ ᠪᠠᠷᠠᠨ ᠮᠣᠩᠭᠤᠯ ᠬᠡᠯᠡᠨ ᠊ᠣ᠌ ᠡᠷᠲᠡᠨ ᠊ᠣ᠌ ᠡᠯᠧᠮᠧᠨ᠋ᠲ ᠢ ᠴᠦ ᠵᠣᠬᠢᠬᠤ ᠬᠡᠮᠵᠢᠶ᠎ᠡ ᠪᠡᠷ ᠬᠠᠳᠠᠭᠠᠯᠠᠵᠤ ᠪᠤᠢ᠃