ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠣᠷᠴᠢᠨ ᠠᠮᠠᠨ ᠠᠶᠠᠯᠭᠤᠨ ᠤ/x/ ᠭᠡᠢᠭᠦᠯᠦᠭᠴᠢ ᠶᠢᠨ ᠭᠡᠢᠷᠬᠡᠭ ᠡᠭᠡᠰᠢᠭ︵Breathy Vowel︶ ᠪᠣᠯᠵᠤ ᠰᠤᠯᠠᠷᠠᠬᠤ ᠪᠠᠢᠳᠠᠯ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201403
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/18
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠤᠶᠠᠭ᠎ᠠ
ᠵᠠᠩᠭᠢᠯᠠᠭ᠎ᠠ ᠦᠭᠡ᠄ ᠬᠣᠷᠴᠢᠨ ᠠᠮᠠᠨ ᠠᠶᠠᠯᠭᠤ᠂/x/ ᠭᠡᠢᠭᠦᠯᠦᠭᠴᠢ᠂ ᠭᠡᠢᠷᠬᠡᠭ ᠡᠭᠡᠰᠢᠭ︵Breathy Vowel︶
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠬᠣᠷᠴᠢᠨ ᠠᠮᠠᠨ ᠠᠶᠠᠯᠭᠤᠨ ᠤ/x/ ᠭᠡᠢᠭᠦᠯᠦᠭᠴᠢ᠂ ᠬᠣᠶᠠᠷ ᠡᠭᠡᠰᠢᠭ ᠦᠨ ᠳᠤᠮᠳᠠ ᠭᠡᠢᠷᠬᠡᠭ ᠡᠭᠡᠰᠢᠭ︵breathy vowel︶ ᠪᠣᠯᠵᠤ ᠰᠤᠯᠠᠷᠠᠳᠠᠭ ᠣᠨᠴᠠᠯᠢᠭ ᠢSPG︵ᠠᠪᠢᠶᠠᠨ ᠤ ᠰᠣᠯᠤᠩᠭᠠᠨ ᠵᠢᠷᠤᠭ︶ ᠬᠢᠭᠡᠳ ᠡᠨᠧᠷᠭᠢ ᠶᠢᠨ ᠰᠫᠸᠺᠲ᠋ᠷᠸ ᠵᠢᠷᠤᠭ︵ ᠬᠡᠰᠢᠭᠦᠨ ᠳᠠᠭᠤᠨ ᠤ ᠡᠨᠧᠷᠭᠢ ᠶᠢᠨ ᠵᠢᠷᠤᠭ︶ ᠵᠢᠴᠢ ᠬᠦᠴᠦᠯᠡᠴᠡ ᠪᠠ ᠥᠨᠳᠦᠷᠴᠡ ᠶᠢᠨ ᠭᠦᠶᠦᠳᠡᠯ  ᠡᠴᠡ ᠠᠵᠢᠭᠯᠠᠨ ᠰᠢᠨᠵᠢᠯᠡᠪᠡ᠃ ᠬᠡᠰᠢᠭᠦᠨ ᠳᠠᠭᠤᠨ ᠤ ᠡᠨᠧᠷᠭᠢ ᠶᠢᠨ ᠲᠠᠷᠬᠠᠯᠲᠠ ᠠᠴᠠ ᠦᠵᠡᠪᠡᠯ᠂ᠭᠡᠢᠷᠬᠡᠭ ᠡᠭᠡᠰᠢᠭ ᠨᠢ ᠭᠣᠣᠯᠳᠠᠭᠤF1 ᠡᠴᠡ ᠳᠣᠣᠷ᠎ᠠ ᠳᠠᠪᠲᠠᠮᠵᠢ ᠶᠢᠨ ᠲᠣᠭᠠᠨ ᠤ ᠬᠡᠰᠡᠭ ᠲᠦ ᠡᠨᠧᠷᠭᠢ ᠴᠢᠩᠭ᠎ᠠ ᠲᠤᠰᠬᠤ ᠵᠢᠴᠢ ᠶᠡᠬᠡ ᠲᠥᠯᠦᠪ4000Hz  ᠡᠴᠡ ᠳᠡᠭᠡᠭᠰᠢᠬᠢ ᠥᠨᠳᠦᠷ ᠳᠠᠪᠲᠠᠮᠵᠢ ᠶᠢᠨ ᠲᠣᠭᠠᠨ ᠤ ᠬᠡᠰᠡᠭ ᠲᠦ ᠡᠨᠧᠷᠭᠢ ᠬᠠᠷᠢᠴᠠᠩᠭᠤᠢ  ᠪᠠᠷ ᠶᠡᠬᠡᠰᠬᠦ ᠵᠡᠷᠭᠡ ᠲᠠᠯ᠎ᠠ ᠪᠠᠷ ᠢᠶᠠᠨ ᠬᠡᠪ ᠦᠨ ᠡᠭᠡᠰᠢᠭ ᠯᠦᠭᠡ ᠢᠯᠭᠠᠭ᠎ᠠ ᠲᠠᠢ ᠪᠠᠢᠨ᠎ᠠ᠃ ᠡᠭᠦᠨ ᠡᠴᠡ ᠭᠠᠳᠠᠨ᠎ᠠ᠂ ᠭᠡᠢᠷᠬᠡᠭ ᠡᠭᠡᠰᠢᠭ ᠦᠨ ᠬᠦᠴᠦᠯᠡᠴᠡ ᠪᠣᠯᠤᠨF0 ᠴᠤ ᠬᠡᠪ ᠦᠨ ᠡᠭᠡᠰᠢᠭ ᠡᠴᠡ ᠬᠠᠷᠢᠴᠠᠩᠭᠤᠢ ᠪᠠᠷ ᠪᠠᠭ᠎ᠠ ᠬᠡᠮᠵᠢᠭᠳᠡᠯ ᠢᠶᠡᠷ ᠢᠯᠡᠷᠡᠵᠡᠢ᠃