︽ᠲᠠᠪᠤᠨ ᠵᠦᠢᠯ ᠦᠨ ᠦᠰᠦᠭ ᠢᠶᠡᠷ ᠬᠠᠪᠰᠤᠷᠤᠭᠰᠠᠨ ᠮᠠᠨᠵᠤ ᠦᠭᠡᠨ ᠦ ᠲᠣᠯᠢ ᠪᠢᠴᠢᠭ᠌︾ ᠲᠦ ᠣᠷᠤᠭᠰᠠᠨ ᠬᠢᠲᠠᠳ ᠵᠢᠭᠡᠯᠡᠯᠭᠡ ᠦᠭᠡᠰ ᠦᠨ ᠲᠥᠷᠦᠯ ᠵᠦᠢᠯ ᠪᠠ ᠣᠨᠴᠠᠯᠢᠭ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201803
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/19
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠭᠦᠸᠸ ᠢᠦᠢ ᠴᠢᠨ
ᠵᠠᠩᠭᠢᠯᠠᠭ᠎ᠠ ᠦᠭᠡ᠄ ︽ ᠲᠠᠪᠤᠨ ᠵᠦᠢᠯ ᠦᠨ ᠦᠰᠦᠭ ᠢᠶᠡᠷ ᠬᠠᠪᠰᠤᠷᠤᠭᠰᠠᠨ ᠮᠠᠨᠵᠤ ᠦᠭᠡᠨ ᠦ ᠲᠣᠯᠢ ᠪᠢᠴᠢᠭ᠌︾᠂ ᠬᠢᠲᠠᠳ ᠵᠢᠭᠡᠯᠡᠯᠭᠡ ᠦᠭᠡᠰ᠂ ᠲᠥᠷᠦᠯ ᠵᠦᠢᠯ᠂ ᠣᠨᠴᠠᠯᠢᠭ᠂ ᠬᠥᠭᠵᠢᠯᠲᠡ ᠬᠤᠪᠢᠷᠠᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ︽ ᠲᠠᠪᠤᠨ ᠵᠦᠢᠯ ᠦᠨ ᠦᠰᠦᠭ ᠢᠶᠡᠷ ᠬᠠᠪᠰᠤᠷᠤᠭᠰᠠᠨ ᠮᠠᠨᠵᠤ ᠦᠭᠡᠨ ᠦ ᠲᠣᠯᠢ ᠪᠢᠴᠢᠭᠡᠰᠦ︾ ᠪᠣᠯ18 ᠳ᠋ᠤᠭᠠᠷ ᠵᠠᠭᠤᠨ ᠤ ᠦᠶ᠎ᠡ︽ ᠲᠡᠭᠷᠢ ᠶᠢᠨ ᠳᠡᠳᠬᠦᠭᠰᠡᠨ ᠦ ᠦᠶ᠎ᠡ︾ ᠳᠦ ᠵᠣᠬᠢᠶᠠᠭᠳᠠᠭᠰᠠᠨ ᠪᠥᠭᠡᠳ ᠭᠠᠷ ᠪᠢᠴᠢᠮᠡᠯ ᠢᠶᠡᠷ ᠤᠯᠠᠮᠵᠢᠯᠠᠭᠳᠠᠭᠰᠠᠨ ᠮᠠᠨᠵᠤ᠂ ᠲᠥᠪᠡᠳ᠂ ᠮᠣᠩᠭᠤᠯ᠂ ᠤᠢᠭᠤᠷ᠂ ᠬᠢᠲᠠᠳ ᠲᠠᠪᠤᠨ ᠵᠦᠢᠯ ᠦᠨ ᠦᠰᠦᠭ ᠢᠶᠡᠷ ᠬᠠᠪᠰᠤᠷᠤᠭᠰᠠᠨ᠂ ᠵᠦᠢᠯ ᠬᠤᠪᠢᠶᠠᠭᠰᠠᠨ ᠲᠣᠯᠢ ᠪᠢᠴᠢᠭ᠌ ᠶᠤᠮ᠃ ᠡᠨᠡ ᠬᠦ ᠲᠣᠯᠢ ᠪᠢᠴᠢᠭ᠌ ᠨᠢ ᠬᠢᠲᠠᠳ ᠵᠢᠭᠡᠯᠡᠯᠭᠡ ᠦᠭᠡ ᠶᠢ ᠣᠷᠤᠭᠤᠯᠬᠤ ᠳ᠋ᠠᠭᠠᠨ ᠠᠪᠢᠶᠠᠴᠢᠯᠠᠨ ᠵᠢᠭᠡᠯᠡᠬᠦ ᠠᠷᠭ᠎ᠠ ᠪᠠᠷ ᠭᠣᠣᠯᠯᠠᠵᠤ᠂ ᠠᠪᠢᠶᠠᠴᠢᠯᠠᠵᠤ ᠤᠳᠭᠠᠴᠢᠯᠠᠬᠤ ᠶᠢ ᠬᠣᠣᠰᠯᠠᠭᠤᠯᠬᠤ ᠪᠠ ᠠᠪᠢᠶᠠᠴᠢᠯᠠᠭ᠎ᠠ ᠳᠤ ᠪᠦᠲᠦᠭᠡᠪᠦᠷᠢ ᠵᠠᠯᠭᠠᠵᠤ ᠵᠢᠭᠡᠯᠡᠬᠦ ᠠᠷᠭ᠎ᠠ ᠶᠢ ᠬᠠᠪᠰᠤᠷᠭᠠᠭᠰᠠᠨ᠂ ᠨᠡᠷ᠎ᠡ ᠦᠭᠡ ᠶᠢ ᠵᠢᠭᠡᠯᠡᠬᠦ ᠪᠡᠷ ᠭᠣᠣᠯᠯᠠᠭᠰᠠᠨ᠂ ᠴᠠᠭ ᠦᠶ᠎ᠡ ᠶᠢᠨ ᠣᠨᠴᠠᠯᠢᠭ ᠰᠢᠨᠵᠢ ᠶᠢ ᠲᠤᠰᠭᠠᠭᠰᠠᠨ᠂ ᠵᠠᠷᠢᠮ ᠬᠢᠲᠠᠳ ᠵᠢᠭᠡᠯᠡᠯᠭᠡ ᠦᠭᠡ ᠨᠢ ᠦᠭᠡ ᠪᠦᠲᠦᠭᠡᠬᠦ ᠦᠨᠳᠦᠰᠦ ᠪᠣᠯᠤᠭᠰᠠᠨ ᠭᠡᠬᠦ ᠮᠡᠲᠦ ᠶᠢᠨ ᠣᠨᠴᠠᠯᠢᠭ ᠳᠣᠪᠤᠢᠮ᠎ᠠ ᠪᠠᠢᠨ᠎ᠠ᠃ ᠲᠣᠯᠢ ᠪᠢᠴᠢᠭ᠌ ᠲᠦ ᠣᠷᠤᠭᠰᠠᠨ ᠬᠢᠲᠠᠳ ᠵᠢᠭᠡᠯᠡᠯᠭᠡ ᠦᠭᠡ ᠶᠢᠨ ᠬᠥᠭᠵᠢᠯᠲᠡ ᠬᠤᠪᠢᠷᠠᠯᠲᠠ ᠠᠴᠠ ᠲᠤᠬᠠᠢ ᠶᠢᠨ ᠴᠠᠭ ᠦᠶ᠎ᠡ ᠶᠢᠨ ᠨᠡᠢᠭᠡᠮ ᠦᠨ ᠪᠠᠢᠳᠠᠯ ᠢ ᠦᠵᠡᠨ ᠭᠠᠷᠴᠤ ᠪᠣᠯᠬᠤ ᠪᠥᠭᠡᠳ ᠮᠥᠨ ᠲᠤᠰ ᠲᠣᠯᠢ ᠪᠢᠴᠢᠭ᠌ ᠦᠨ ᠵᠣᠬᠢᠶᠠᠭᠳᠠᠭᠰᠠᠨ ᠣᠷᠴᠢᠨ ᠠᠬᠤᠢ ᠶᠢ ᠶᠡᠬᠡ ᠲᠥᠯᠦᠪ ᠣᠢᠯᠠᠭᠠᠵᠤ ᠪᠣᠯᠬᠤ ᠶᠤᠮ᠃