ᠬᠣᠷᠴᠢᠨ ᠠᠮᠠᠨ ᠠᠶᠠᠯᠭᠤᠨ ᠳ᠋ᠠᠬᠢ ᠪᠤᠷᠬᠠᠨ ᠱᠠᠰᠢᠨ ᠤ᠋ ᠵᠠᠩ ᠦᠢᠯᠡ ᠲᠡᠢ ᠬᠣᠯᠪᠤᠭᠳᠠᠬᠤ ᠦᠭᠡᠰ ᠦ᠋ᠨ ᠰᠣᠶᠤᠯ ᠤ᠋ᠨ ᠠᠭᠤᠯᠤᠭᠳᠠᠬᠤᠨ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201404
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/12/04
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠣᠶᠤᠯ
ᠵᠠᠩᠭᠢᠯᠠᠭ᠎ᠠ ᠦᠭᠡ᠄ ᠬᠣᠷᠴᠢᠨ ᠠᠮᠠᠨ ᠠᠶᠠᠯᠭᠤ︔ ᠪᠤᠷᠬᠠᠨ ᠱᠠᠰᠢᠨ︔ ᠵᠠᠩ ᠦᠢᠯᠡ︔ ᠰᠣᠶᠤᠯ ᠤ᠋ᠨ ᠠᠭᠤᠯᠤᠭᠳᠠᠬᠤᠨ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠬᠣᠷᠴᠢᠨ ᠨᠤᠲᠤᠭ ᠲᠤ᠌ ᠪᠤᠷᠬᠠᠨ ᠱᠠᠰᠢᠨ ᠳᠡᠯᠭᠡᠷᠡᠬᠦ ᠶ᠋ᠢ ᠪᠤᠷᠬᠠᠨ ᠱᠠᠰᠢᠨ ᠤ᠋ ᠵᠠᠩ ᠦᠢᠯᠡ ᠯᠦ᠍ᠭᠡ ᠬᠣᠯᠪᠤᠭᠠᠲᠠᠢ ᠨᠢᠭᠡ ᠪᠦᠯᠦᠭ ᠦᠭᠡᠰ ᠬᠣᠷᠴᠢᠨ ᠠᠮᠠᠨ ᠠᠶᠠᠯᠭᠤᠨ ᠤ᠋ ᠦᠭᠡᠰ ᠦ᠋ᠨ ᠰᠠᠩ ᠳ᠋ᠤ᠌ ᠣᠷᠤᠵᠤ ᠢᠷᠡᠭᠰᠡᠨ ᠪᠠᠢᠨ᠎ᠠ᠃ ᠡᠨᠡ ᠨᠢ ᠭᠣᠣᠯᠳᠠᠭᠤ ᠬᠣᠷᠴᠢᠨ ᠨᠤᠲᠤᠭ ᠤ᠋ᠨ ᠭᠠᠵᠠᠷ ᠤ᠋ᠨ ᠨᠡᠷ᠎ᠡ᠂ ᠬᠣᠷᠴᠢᠨ ᠮᠣᠩᠭᠤᠯᠴᠤᠳ ᠤ᠋ᠨ ᠬᠥᠮᠦᠨ ᠤ᠋ ᠨᠡᠷ᠎ᠡ ᠪᠠ ᠪᠤᠷᠬᠠᠨ ᠱᠠᠰᠢᠨ ᠤ᠋ ᠵᠠᠩ ᠦᠢᠯᠡ ᠲᠡᠢ ᠬᠣᠯᠪᠤᠭᠳᠠᠬᠤ ᠥᠪᠡᠷᠮᠢᠴᠡ ᠦᠭᠡᠰ ᠦ᠋ᠨ ᠡᠭᠦᠰᠦᠯ ᠪᠦᠷᠢᠯᠳᠦᠯ ᠵᠢᠴᠢ ᠲᠡᠳᠡᠭᠡᠷ ᠦ᠋ᠨ ᠤᠳᠭ᠎ᠠ ᠬᠡᠷᠡᠭᠯᠡᠭᠡᠨ ᠤ᠋ ᠲᠠᠯ᠎ᠠ ᠳᠡᠭᠡᠷ᠎ᠡ ᠲᠤᠰᠭᠠᠯ ᠢ᠋ᠶ᠋ᠠᠨ ᠣᠯᠵᠤ ᠪᠠᠢᠳᠠᠭ᠃ ᠲᠡᠭᠡᠬᠦ ᠳ᠋ᠡᠭᠡᠨ ᠪᠤᠷᠬᠠᠨ ᠱᠠᠰᠢᠨ ᠤ᠋ ᠵᠠᠩ ᠦᠢᠯᠡ ᠨᠢ ᠬᠣᠷᠴᠢᠨᠴᠤᠳ ᠤ᠋ᠨ ᠡᠳᠦᠷ ᠳᠣᠳᠤᠮ ᠤ᠋ᠨ ᠠᠮᠢᠳᠤᠷᠠᠯ ᠠ᠋ᠴᠠ ᠦᠵᠡᠯ ᠰᠠᠨᠠᠭᠠᠨ ᠤ᠋ ᠭᠦᠨ ᠳᠠᠪᠬᠤᠷᠭ᠎ᠠ ᠬᠦᠷᠲᠡᠯ᠎ᠡ ᠭᠦᠨ ᠨᠥᠯᠦᠭᠡᠯᠡᠭᠰᠡᠨ ᠲᠡᠳᠦᠢ ᠦᠭᠡᠢ᠂ ᠬᠣᠷᠴᠢᠨᠴᠤᠳ ᠤ᠋ᠨ ᠥᠪᠡᠷᠮᠢᠴᠡ ᠠᠵᠤ ᠠᠬᠤᠢ᠂ ᠠᠮᠢᠳᠤᠷᠠᠯ ᠤ᠋ᠨ ᠬᠡᠯᠪᠡᠷᠢ ᠡᠴᠡ ᠪᠣᠯᠵᠤ᠂ ᠣᠷᠤᠨ ᠨᠤᠲᠤᠭ ᠤ᠋ᠨ ᠣᠨᠴᠠᠯᠢᠭ ᠲᠠᠢ ᠪᠠᠷ ᠤᠯᠠᠮᠵᠢᠯᠠᠭᠳᠠᠨ ᠰᠢᠨᠡᠴᠢᠯᠡᠭᠳᠡᠵᠦ᠂ ᠦᠭᠡ ᠬᠡᠯᠡᠨ ᠳ᠋ᠡᠬᠢ ᠲᠤᠰᠭᠠᠯ ᠨᠢ ᠥᠭᠡᠷ᠎ᠡ ᠪᠤᠰᠤᠳ ᠠᠶᠠᠯᠭᠤ ᠠᠮᠠᠨ ᠠᠶᠠᠯᠭᠤᠨ ᠠ᠋ᠴᠠ ᠢᠯᠡᠳᠲᠡ ᠢᠯᠭᠠᠭ᠎ᠠ ᠲᠠᠢ ᠪᠣᠯᠤᠭᠰᠠᠨ ᠪᠠᠢᠳᠠᠭ᠃ ᠥᠭᠦᠯᠡᠯ ᠳ᠋ᠤ᠌ ᠬᠣᠷᠴᠢᠨ ᠠᠮᠠᠨ ᠠᠶᠠᠯᠭᠤᠨ ᠤ᠋ ᠣᠷᠤᠨ ᠳ᠋ᠠᠬᠢ ᠬᠡᠭᠡᠷ᠎ᠡ ᠶ᠋ᠢᠨ ᠪᠠᠢᠴᠠᠭᠠᠯᠲᠠ ᠶ᠋ᠢᠨ ᠮᠠᠲ᠋ᠧᠷᠢᠶᠠᠯ ᠳ᠋ᠤ᠌ ᠰᠠᠭᠤᠷᠢᠯᠠᠵᠤ᠂ ᠡᠳᠡᠭᠡᠷ ᠦᠭᠡᠰ ᠢ᠋ ᠤᠳᠭ᠎ᠠ ᠶ᠋ᠢᠨ ᠬᠤᠪᠢᠰᠤᠯ ᠬᠥᠭᠵᠢᠯ ᠡᠴᠡ ᠭᠠᠷᠳᠠᠨ ᠰᠢᠨᠵᠢᠯᠡᠵᠦ᠂ ᠣᠳᠣ ᠶ᠋ᠢᠨ ᠬᠡᠷᠡᠭᠯᠡᠭᠡᠨ ᠤ᠋ ᠪᠠᠢᠳᠠᠯ ᠪᠠ ᠰᠣᠶᠤᠯ ᠤ᠋ᠨ ᠠᠭᠤᠯᠤᠭᠳᠠᠬᠤᠨ ᠢ᠋ ᠲᠣᠳᠤᠷᠬᠠᠢᠯᠠᠬᠤ ᠶ᠋ᠢ ᠵᠣᠷᠢᠪᠠ᠃