ᠴᠢᠩ ᠤᠯᠤᠰ ᠤᠨ ᠦᠶ᠎ᠡ ᠵᠢᠨ ᠣᠩᠨᠢᠭᠤᠳ ᠤᠨ ᠪᠠᠷᠠᠭᠤᠨ ᠭᠠᠷ ᠤᠨ ᠬᠣᠰᠢᠭᠤᠨ ᠤ᠋ ᠭᠠᠳᠠᠭᠰᠢ ᠲᠣᠮᠢᠯᠠᠭᠰᠠᠨ ᠯᠠᠮᠠ ᠨᠠᠷ ᠬᠢᠭᠡᠳ ᠲᠡᠳᠡ ᠨᠠᠷ ᠤᠨ ᠱᠠᠰᠢᠨ ᠤ᠋ ᠶᠠᠪᠤᠳᠠᠯ ᠤᠨ ᠵᠠᠷᠤᠯᠭ᠎ᠠ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/12
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠨᠠᠨᠳᠢᠨᠪᠣᠯᠣᠷ ᠬᠤᠷᠴᠠ
ᠵᠠᠩᠭᠢᠯᠠᠭ᠎ᠠ ᠦᠭᠡ᠄ ᠴᠢᠩ ᠤᠯᠤᠰ︔ ᠣᠩᠨᠢᠭᠤᠳ ᠤ᠋ᠨ ᠪᠠᠷᠠᠭᠤᠨ ᠭᠠᠷ ᠤᠨ ᠬᠣᠰᠢᠭᠤ︔ ᠭᠠᠳᠠᠭᠰᠢ ᠲᠣᠮᠢᠯᠠᠭᠰᠠᠨ ᠯᠠᠮᠠ ᠨᠠᠷ︔ ᠱᠠᠰᠢᠨ ᠤ᠋ ᠶᠠᠪᠤᠳᠠᠯ ᠤᠨ ᠵᠠᠷᠤᠯᠭ᠎ᠠ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠤᠯᠤᠰ ᠤᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠰᠠᠭᠤᠷᠢ ᠮᠥᠩᠭᠦᠨ ᠦ᠌ ᠲᠥᠰᠦᠯ ᠦ᠋ᠨ ᠰᠡᠳᠦᠪ ᠪᠣᠯᠬᠤ︽ ᠴᠢᠩ ᠤᠯᠤᠰ ᠤᠨ ᠦᠶ᠎ᠡ ᠳ᠋ᠦ᠍ ᠲᠥᠪᠡᠳ ᠦ᠋ᠨ ᠪᠤᠷᠬᠠᠨ ᠱᠠᠰᠢᠨ ᠮᠣᠩᠭᠤᠯ ᠣᠷᠤᠨ ᠳ᠋ᠤ᠌ ᠤᠯᠠᠮᠵᠢᠯᠠᠨᠳᠡᠯᠭᠡᠷᠡᠭᠰᠡᠨ ᠲᠡᠦᠬᠡ ᠵᠢᠨ ᠰᠤᠳᠤᠯᠤᠯ︾︵ ᠵᠥᠪᠰᠢᠶᠡᠷᠡᠭᠳᠡᠭᠰᠡᠨ ᠳ᠋ᠤᠭᠠᠷ᠄ 15BZJ005︶ ᠤᠨ ᠰᠢᠷᠢᠰ ᠪᠦᠲᠦᠭᠡᠯ ᠦ᠋ᠨ ᠨᠢᠭᠡ ᠪᠣᠯᠤᠨ᠎ᠠ᠃
ᠠᠭᠤᠯᠭ᠎ᠠ ᠶ᠋ᠢᠨ ᠲᠣᠪᠴᠢ᠄ ᠤᠯᠠᠭᠠᠨᠬᠠᠳᠠ ᠬᠣᠲᠠ ᠵᠢᠨ ᠳᠠᠩᠰᠠ ᠡᠪᠬᠡᠮᠡᠯ ᠤᠨ ᠰᠠᠩ ᠤᠨ ᠬᠠᠳᠠᠭᠠᠯᠠᠮᠵᠢ ᠲᠠᠢ ᠴᠢᠩ ᠤᠯᠤᠰ ᠤᠨ ᠦᠶ᠎ᠡ ᠵᠢᠨ ᠣᠩᠨᠢᠭᠤᠳ ᠤᠨ ᠪᠠᠷᠠᠭᠤᠨ ᠭᠠᠷ ᠤᠨ ᠬᠣᠰᠢᠭᠤᠨ ᠤ᠋ ᠲᠠᠮᠠᠭᠠᠨ ᠭᠠᠵᠠᠷ ᠤᠨ ᠪᠠᠷᠢᠮᠲᠠ ᠪᠢᠴᠢᠭ ᠡᠴᠡ ᠦᠵᠡᠬᠦ ᠳ᠋ᠦ᠍᠂ ᠮᠥᠨ ᠬᠣᠰᠢᠭᠤᠨ ᠤ᠋ ᠰᠦᠮ᠎ᠡ ᠬᠡᠢᠳ ᠦ᠋ᠨ ᠯᠠᠮᠠ ᠨᠠᠷ ᠤᠨ ᠳᠣᠲᠤᠷ᠎ᠠ ᠠ᠋ᠴᠠ ᠳᠣᠯᠤᠭᠠᠨ ᠨᠠᠭᠤᠷ ᠤᠨ ᠬᠥᠬᠡ ᠰᠦᠮ᠎ᠡ ᠪᠠ ᠰᠢᠷ᠎ᠠ ᠰᠦᠮ᠎ᠡ᠂ ᠪᠡᠭᠡᠵᠢᠩ ᠤᠨ ᠨᠠᠢᠷᠠᠯᠲᠤ ᠨᠠᠢᠷᠠᠮᠳᠠᠬᠤ ᠣᠷᠳᠤᠨ ᠳ᠋ᠤ᠌ ᠲᠣᠭᠲᠠᠭᠰᠠᠨ ᠣᠷᠤᠨ ᠲᠣᠭ᠎ᠠ ᠲᠠᠢ ᠯᠠᠮᠠ ᠪᠠᠨᠳᠢ ᠲᠣᠮᠢᠯᠠᠵᠤ ᠪᠠᠢᠭᠰᠠᠨ ᠪᠠ ᠲᠡᠳᠡ ᠨᠠᠷ ᠤᠨ ᠡᠯᠳᠡᠪ ᠦ᠋ᠨ ᠬᠦᠨᠡᠰᠦ ᠮᠥᠩᠭᠦ ᠬᠢᠭᠡᠳ ᠠᠮᠢᠳᠤᠷᠠᠯ ᠤᠨ ᠨᠥᠬᠦᠪᠦᠷᠢ ᠮᠥᠩᠭᠦ ᠶ᠋ᠢ ᠪᠦᠷ ᠬᠣᠰᠢᠭᠤᠨ ᠤ᠋ ᠡᠳ᠋ ᠤᠨ ᠵᠠᠰᠠᠭ ᠠ᠋ᠴᠠ ᠪᠦᠷᠢᠮᠦᠰᠦᠨ ᠳᠠᠭᠠᠭᠠᠴᠢᠯᠠᠳᠠᠭ ᠪᠠᠢᠨ᠎ᠠ᠃ ᠨᠡᠨ ᠨᠢ ᠲᠤᠰ ᠬᠣᠰᠢᠭᠤᠨ ᠤ᠋ ᠡᠳ᠋ ᠦ᠋ᠨ ᠵᠠᠰᠠᠭ ᠲᠤ᠌ ᠨᠦᠰᠡᠷ ᠬᠦᠨᠳᠦ ᠳᠠᠷᠤᠭᠠᠰᠤ ᠪᠣᠯᠵᠤ ᠪᠠᠢᠵᠠᠢ᠃