ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠯ ᠰᠦᠯᠵᠢᠶᠡᠨ ᠦ᠌ ᠰᠤᠳᠤᠯᠭᠠᠨ ᠤ᠋ ᠣᠳᠣᠬᠢ ᠪᠠᠢᠳᠠᠯ ᠢ᠋ ᠵᠠᠳᠠᠯᠬᠤ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠤᠮᠳᠠᠳᠤ ᠤᠯᠤᠰ ᠤ᠋ᠨ ᠮᠣᠩᠭᠤᠯ ᠰᠤᠳᠤᠯᠤᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/12
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠪᠣᠣ ᠶᠠᠨ ᠬᠤᠸᠠ
ᠵᠠᠩᠭᠢᠯᠠᠭ᠎ᠠ ᠦᠭᠡ᠄ ᠮᠣᠩᠭᠤᠯ ᠰᠦᠯᠵᠢᠶ᠎ᠡ︔ ᠰᠤᠳᠤᠯᠭᠠᠨ ᠤ᠋ ᠣᠳᠣᠬᠢ ᠪᠠᠢᠳᠠᠯ︔ ᠬᠣᠢᠰᠢᠳᠠ ᠵᠢᠨ ᠠᠵᠢᠯ ᠡᠭᠦᠷᠭᠡ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠮᠣᠩᠭᠤᠯ ᠦᠰᠦᠭ ᠢᠨᠲ᠋ᠧᠷᠨᠧᠲ ᠳᠡᠭᠡᠷ᠎ᠡ ᠭᠠᠷᠤᠭᠰᠠᠨ ᠶᠠᠪᠤᠳᠠᠯ ᠨᠢ ᠮᠣᠩᠭᠤᠯ ᠬᠡᠯᠡ ᠦᠰᠦᠭ ᠪᠢᠴᠢᠭ ᠦ᠋ᠨ ᠲᠡᠦᠬᠡᠨ ᠳᠡᠭᠡᠷᠡᠬᠢ ᠨᠢᠭᠡᠨ ᠠᠤᠭ᠎ᠠ ᠶᠡᠬᠡ ᠳᠠᠪᠰᠢᠯᠲᠠ ᠮᠥᠨ᠃ ᠪᠣᠰᠤᠭ᠎ᠠ ᠮᠣᠩᠭᠤᠯ ᠦᠰᠦᠭ ᠦ᠋ᠨ ᠠᠩᠬᠠᠳᠠᠭᠴᠢ ᠰᠦᠯᠵᠢᠶ᠎ᠡ ᠥᠷᠲᠡᠭᠡ ᠪᠣᠯᠬᠤ︽ ᠮᠣᠩᠭᠤᠯ ᠰᠣᠶᠤᠯ︾ ᠰᠦᠯᠵᠢᠶ᠎ᠡ ᠨᠢ 2001 ᠣᠨ ᠤ᠋5 ᠰᠠᠷ᠎ᠠ ᠵᠢᠨ1 ᠦ᠌ ᠡᠳᠦᠷ ᠡᠭᠦᠳᠡ ᠪᠡᠨ ᠰᠡᠬᠦᠭᠰᠡᠨ ᠡᠴᠡ ᠠᠪᠤᠭᠠᠳ︽ ᠰᠦᠯᠵᠢᠶ᠎ᠡ︾ ᠭᠡᠬᠦ ᠡᠨᠡᠬᠦ ᠰᠢᠨ᠎ᠡ ᠴᠠᠭ ᠦᠶ᠎ᠡ ᠶ᠋ᠢ ᠲᠥᠯᠦᠭᠡᠯᠡᠭᠰᠡᠨ ᠰᠢᠨ᠎ᠡ ᠬᠡᠷᠡᠭ ᠪᠣᠳᠠᠰ ᠨᠢ ᠮᠣᠩᠭᠤᠯᠴᠤᠳ ᠤ᠋ᠨ ᠠᠩᠬᠠᠷᠤᠯ ᠤ᠋ᠨ ᠲᠥᠪ ᠪᠣᠯᠵᠤ᠂ ᠮᠣᠩᠭᠤᠯᠴᠤᠳ ᠤ᠋ᠨ ᠳᠤᠮᠳᠠ ᠨᠢᠭᠡ ᠬᠡᠰᠡᠭ ᠬᠤᠭᠤᠴᠠᠭ᠎ᠠ ᠰᠦᠯᠵᠢᠶ᠎ᠡ ᠡᠷᠬᠢᠯᠡᠬᠦ ᠬᠠᠯᠠᠭᠤᠷᠠᠯ ᠪᠣᠢ ᠪᠣᠯᠵᠠᠢ᠃ ᠮᠣᠩᠭᠤᠯ ᠰᠦᠯᠵᠢᠶᠡᠨ ᠦ᠌ ᠣᠷᠤᠰᠢᠯ ᠲᠣᠭᠲᠠᠨᠢᠯ᠂ ᠬᠥᠭᠵᠢᠯ ᠳᠠᠪᠰᠢᠯᠲᠠ ᠵᠢ ᠵᠥᠪᠬᠡᠨ ᠰᠦᠯᠵᠢᠶ᠎ᠡ ᠡᠵᠡᠩᠨᠡᠭᠴᠢ᠂ ᠰᠦᠯᠵᠢᠶ᠎ᠡ ᠢᠷᠭᠡᠳ ᠦ᠋ᠨ ᠠᠩᠬᠠᠷᠤᠯ ᠰᠣᠨᠢᠷᠬᠠᠯ ᠢ᠋ ᠶᠡᠬᠡ ᠪᠡᠷ ᠲᠠᠲᠠᠭᠰᠠᠨ ᠢ᠋ᠶ᠋ᠠᠷ ᠵᠣᠭᠰᠤᠭᠰᠠᠨ ᠦᠭᠡᠢ᠂ ᠺᠣᠮᠫᠢᠦ᠋ᠲ᠋ᠧᠷ ᠤ᠋ᠨ ᠮᠡᠷᠭᠡᠵᠢᠯᠲᠡᠨ᠂ ᠰᠣᠨᠢᠨ ᠮᠡᠳᠡᠭᠡᠨ ᠦ᠌ ᠤᠬᠠᠭᠠᠨᠲᠠᠨ᠂ ᠬᠡᠯᠡᠨ ᠦ᠌ ᠰᠢᠨᠵᠢᠯᠡᠭᠡᠲᠡᠨ᠂ ᠤᠷᠠᠨ ᠵᠣᠬᠢᠶᠠᠯᠴᠢᠳ᠂ ᠵᠠᠭᠤᠴᠢᠯᠠᠭᠤᠷ ᠤ᠋ᠨ ᠬᠥᠮᠦᠰ ᠴᠦ ᠠᠭᠠᠵᠢᠮ ᠢ᠋ᠶ᠋ᠠᠷ ᠮᠣᠩᠭᠤᠯ ᠰᠦᠯᠵᠢᠶ᠎ᠡ ᠶ᠋ᠢ ᠰᠤᠳᠤᠯᠵᠤ ᠡᠬᠢᠯᠡᠵᠡᠢ᠃ ᠲᠡᠳᠡ ᠮᠣᠩᠭᠤᠯ ᠰᠦᠯᠵᠢᠶ᠎ᠡ ᠶ᠋ᠢ ᠡᠯ᠎ᠡ ᠬᠠᠷᠠᠭ᠎ᠠ ᠰᠡᠷᠡᠭᠡ ᠡᠴᠡ ᠠᠵᠢᠭᠯᠠᠨ ᠰᠢᠨᠵᠢᠯᠡᠵᠦ᠂︽ ᠮᠣᠩᠭᠤᠯ ᠰᠦᠯᠵᠢᠶ᠎ᠡ︾ ᠨᠢ ᠨᠢᠭᠡᠨᠲᠡ ᠮᠣᠩᠭᠤᠯ ᠰᠤᠳᠤᠯᠤᠯ ᠤ᠋ᠨ ᠰᠢᠨ᠎ᠡ ᠨᠢᠭᠡᠨ ᠰᠤᠳᠤᠯᠭᠠᠨ ᠤ᠋ ᠰᠡᠳᠦᠪ ᠪᠣᠯᠵᠠᠢ᠃