ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠲᠣᠳᠤᠳᠭᠠᠯ ᠭᠡᠰᠢᠭᠦᠨ ᠦ᠌ ᠪᠠᠢᠷᠢ ᠳ᠋ᠠᠬᠢ ᠨᠡᠷ᠎ᠡ ᠦᠭᠡ ᠵᠢᠨ ᠥᠭᠦᠯᠡᠪᠦᠷᠢ ᠵᠦᠢ ᠵᠢᠨ ᠤᠳᠭ᠎ᠠ ᠴᠢᠳᠠᠮᠵᠢ ᠵᠢᠨ ᠲᠤᠬᠠᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠬᠡᠯᠡ ᠪᠠ ᠣᠷᠴᠢᠭᠤᠯᠭ᠎ᠠ -> 201104
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/26
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠪᠠᠲᠤᠭᠡᠷᠡᠯ
ᠵᠠᠩᠭᠢᠯᠠᠭ᠎ᠠ ᠦᠭᠡ᠄ ᠮᠣᠩᠭᠤᠯ ᠬᠡᠯᠡᠨ ᠦ᠌ ᠨᠡᠷ᠎ᠡ ᠦᠭᠡ᠂ ᠲᠣᠳᠤᠳᠭᠠᠯ ᠭᠡᠰᠢᠭᠦᠨ᠂ ᠤᠳᠭ᠎ᠠ ᠴᠢᠳᠠᠮᠵᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍᠂ ᠨᠡᠷ᠎ᠡ ᠦᠭᠡ ᠥᠭᠦᠯᠡᠪᠦᠷᠢ ᠳ᠋ᠦ᠍ ᠲᠣᠳᠤᠳᠭᠠᠯ ᠭᠡᠰᠢᠭᠦᠨ ᠪᠣᠯᠬᠤ ᠤᠴᠢᠷ ᠪᠣᠯ ᠨᠢᠭᠡ ᠵᠦᠢᠯ ᠦ᠋ᠨ ᠬᠠᠭᠤᠴᠢᠨ ᠲᠠᠨᠢᠯ ᠳᠠᠰᠤᠯ ᠠᠰᠠᠭᠤᠳᠠᠯ ᠪᠣᠯᠬᠤ ᠶᠤᠮ᠃ ᠭᠡᠪᠡᠴᠦ ᠲᠣᠳᠤᠳᠭᠠᠯ ᠤ᠋ᠨ ᠪᠠᠢᠷᠢ ᠳ᠋ᠠᠬᠢ ᠨᠡᠷ᠎ᠡ ᠦᠭᠡ ᠵᠢᠨ ᠥᠭᠦᠯᠡᠪᠦᠷᠢ ᠵᠦᠢ ᠢᠨ ᠤᠳᠭ᠎ᠠ ᠴᠢᠳᠠᠮᠵᠢ ᠶ᠋ᠢ ᠲᠣᠳᠤᠷᠬᠠᠢᠯᠠᠭᠰᠠᠨ ᠥᠭᠦᠯᠡᠯ ᠵᠣᠬᠢᠶᠠᠯ ᠬᠠᠷᠢᠨ ᠴᠦ᠋ᠬᠡᠨ ᠪᠠᠢᠬᠤ ᠰᠠᠨᠠᠭᠳᠠᠬᠤ ᠶᠤᠮ᠃ ᠡᠭᠦᠨ ᠳ᠋ᠦ᠍ ᠲᠣᠳᠤᠳᠭᠠᠯ ᠤ᠋ᠨ ᠪᠠᠢᠷᠢ ᠳ᠋ᠠᠬᠢ ᠨᠡᠷ᠎ᠡ ᠦᠭᠡ ᠵᠢᠨ ᠥᠭᠦᠯᠡᠪᠦᠷᠢ ᠵᠦᠢ ᠵᠢᠨ ᠤᠳᠭ᠎ᠠ ᠴᠢᠳᠠᠮᠵᠢ ᠶ᠋ᠢ ᠲᠣᠳᠤᠷᠬᠠᠢᠯᠠᠬᠤ ᠳ᠋ᠠᠭᠠᠨ᠂ ᠲᠣᠳᠤᠳᠭᠠᠯ ᠭᠡᠰᠢᠭᠦᠨ ᠪᠠ ᠬᠣᠯᠪᠤᠭᠳᠠᠬᠤ ᠦᠭᠡ ᠵᠢᠨ ᠬᠠᠷᠢᠴᠠᠭ᠎ᠠ ᠶ᠋ᠢ ᠨᠢ ᠭᠣᠣᠯ ᠠᠩᠬᠠᠷᠴᠤ ᠲᠣᠳᠤᠷᠬᠠᠢᠯᠠᠬᠤ ᠵᠢᠨ ᠬᠠᠮᠲᠤ ᠨᠡᠷ᠎ᠡ ᠦᠭᠡ ᠵᠢᠨ ᠥᠭᠦᠯᠡᠪᠦᠷᠢ ᠵᠦᠢ ᠵᠢᠨ ᠣᠨᠴᠠᠯᠢᠭ ᠰᠢᠨᠵᠢ ᠶ᠋ᠢ ᠲᠣᠳᠤᠷᠬᠠᠢᠯᠠᠬᠤ ᠳ᠋ᠠᠭᠠᠨ ᠲᠣᠳᠤᠳᠭᠠᠯ ᠤ᠋ᠨ ᠪᠠᠢᠷᠢ ᠳ᠋ᠠᠬᠢ ᠨᠡᠷ᠎ᠡ ᠦᠭᠡ ᠵᠢᠨ ᠲᠤᠬᠠᠢ ᠰᠤᠳᠤᠯᠭᠠᠨ ᠤ᠋ ᠪᠠᠢᠳᠠᠯ ᠢ᠋ ᠥᠭᠦᠯᠡᠬᠦ ᠡᠴᠡ ᠭᠠᠳᠠᠨ᠎ᠠ ᠲᠣᠳᠤᠳᠭᠠᠯ ᠤ᠋ᠨ ᠣᠨᠴᠠᠯᠢᠭ ᠰᠢᠨᠵᠢ ᠬᠢᠭᠡᠳ ᠢᠯᠡᠷᠡᠬᠦ ᠬᠡᠯᠪᠡᠷᠢ ᠲᠥᠷᠦᠯ ᠵᠦᠢᠯ᠂ ᠨᠡᠷ᠎ᠡ ᠦᠭᠡ ᠲᠣᠳᠤᠳᠭᠠᠯ ᠪᠣᠯᠬᠤ ᠵᠢᠨ ᠦᠨᠳᠦᠰᠦ ᠳ᠋ᠤ᠌ ᠤᠳᠭ᠎ᠠ ᠵᠦᠢ ᠵᠢᠨ ᠡᠭᠦᠳᠡᠨ ᠡᠴᠡ ᠵᠢᠱ᠌ᠢᠶ᠎ᠡ ᠲᠠᠲᠠᠨ ᠲᠠᠢᠯᠪᠤᠷᠢᠯᠠᠪᠠ᠃