ᠮᠣᠩᠭᠤᠯ ᠬᠡᠯᠡᠨ ᠦ᠌ ᠣᠷᠤᠯᠠᠭᠤᠯᠤᠨ ᠨᠠᠢᠷᠠᠭᠤᠯᠬᠤ ᠠᠷᠭ᠎ᠠ ᠵᠢᠨᠠᠨ ᠰᠡᠳᠭᠢᠴᠡ ᠵᠢᠨ ᠣᠨᠴᠠᠯᠢᠭ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠬᠦᠯ ᠭᠦᠨ ᠤᠬᠠᠭᠠᠨ ᠨᠡᠢᠭᠡᠮ ᠦᠨ ᠰᠢᠨᠵᠢᠯᠡᠬᠦ ᠤᠬᠠᠭᠠᠨ ᠤ ᠮᠣᠩᠭᠤᠯ ᠬᠡᠪᠯᠡᠯ -> 199503
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/25
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ᠰ᠊ ᠰᠣᠶᠤᠯᠲᠤ
ᠵᠠᠩᠭᠢᠯᠠᠭ᠎ᠠ ᠦᠭᠡ᠄ (ᠦᠭᠡᠢ)
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠮᠣᠩᠭᠤᠯ ᠬᠡᠯᠡᠨ ᠦ᠌ ᠣᠷᠤᠯᠠᠭᠤᠯᠤᠨ ᠨᠠᠢᠷᠠᠭᠤᠯᠬᠤ ᠠᠷᠭ᠎ᠠ ᠵᠢᠨ ᠦᠪᠡᠳᠡᠭᠰᠢ ᠰᠠᠢᠬᠠᠨ ᠰᠡᠳᠭᠢᠴᠡ ᠵᠢᠨ ᠣᠨᠴᠠᠯᠢᠭ ᠢ᠋ ᠰᠡᠳᠭᠢᠯ ᠵᠦᠢ ᠵᠢᠨ ᠤᠬᠠᠭᠠᠨ ᠤ᠋ ᠡᠭᠦᠳᠡᠨ ᠡᠴᠡ ᠲᠣᠭᠲᠤᠮ ᠨᠠᠷᠢᠪᠴᠢᠯᠠᠵᠤ᠂ ᠮᠣᠩᠭᠤᠯ ᠬᠡᠯᠡᠨ ᠦ᠌ ᠣᠷᠤᠯᠠᠭᠤᠯᠤᠨ ᠢᠯᠡᠳᠭᠡᠬᠦ ᠨᠠᠢᠷᠠᠭᠤᠯᠭ᠎ᠠ ᠵᠢᠨ ᠠᠷᠭ᠎ᠠ ᠪᠠᠷᠢᠯ ᠳ᠋ᠤ᠌ ᠥᠪᠴᠢ ᠲᠤᠰᠭᠠᠭᠳᠠᠵᠤ ᠪᠠᠢᠭ᠎ᠠ ᠮᠣᠩᠭᠤᠯ ᠬᠥᠮᠦᠨ ᠦ᠌ ᠶᠠᠭᠤᠮ᠎ᠠ ᠶ᠋ᠢ ᠣᠢᠯᠭᠠᠵᠤ ᠤᠬᠠᠭᠠᠷᠠᠬᠤ ᠰᠡᠳᠭᠢᠴᠡ ᠵᠢᠨ ᠶᠠᠪᠤᠴᠠ᠂ ᠥᠪᠡᠷᠮᠢᠴᠡ ᠰᠣᠨᠢᠨ ᠢ᠋ᠶ᠋ᠠᠷ ᠰᠡᠳᠭᠢᠵᠦ ᠪᠣᠳᠤᠳᠠᠭ ᠠᠷᠭ᠎ᠠ ᠤᠬᠠᠭᠠᠨ ᠤ᠋ ᠨᠢᠭᠤᠴᠠ ᠶ᠋ᠢ ᠨᠢᠭᠡ ᠬᠡᠮᠵᠢᠶᠡᠨ᠎ᠡ ᠠᠭᠤᠳᠠᠯᠠᠨ ᠳᠡᠯᠭᠡᠵᠦ᠂ ᠲᠡᠭᠦᠨ ᠳ᠋ᠦ᠍ ᠰᠡᠳᠭᠢᠯ ᠵᠦᠢ ᠵᠢᠨ ᠤᠬᠠᠭᠠᠨ ᠤ᠋ ᠣᠨᠤᠯ ᠤ᠋ᠨ ᠲᠣᠳᠤᠷᠬᠠᠢ ᠳ᠋ᠦᠩᠨᠡᠯᠲᠡ ᠭᠠᠷᠭᠠᠬᠤ ᠶ᠋ᠢ ᠬᠢᠴᠢᠶᠡᠭᠰᠡᠨ ᠪᠠᠢᠨ᠎ᠠ᠃ ᠮᠣᠩᠭᠤᠯ ᠬᠡᠯᠡᠨ ᠦ᠌ ᠣᠷᠤᠯᠠᠭᠤᠯᠤᠯ ᠤ᠋ᠨ ᠰᠡᠳᠭᠢᠴᠡ ᠵᠢᠨ ᠵᠢᠮ᠎ᠡ ᠬᠠᠤᠯᠢ ᠳ᠋ᠤ᠌ ᠦᠨᠳᠦᠰᠦᠯᠡᠵᠦ ᠵᠠᠷᠢᠮ ᠨᠠᠷᠢᠨ ᠪᠤᠳᠤᠯᠢᠶᠠᠨᠲᠠᠢ ᠣᠷᠤᠯᠠᠭᠤᠯᠤᠨ ᠨᠠᠢᠷᠠᠭᠤᠯᠬᠤ ᠦᠵᠡᠭᠳᠡᠯ ᠢ᠋ ᠨᠠᠷᠢᠪᠴᠢᠯᠠᠨ ᠵᠠᠳᠠᠯᠵᠤ᠂ ᠲᠡᠭᠦᠨ ᠦ᠌ ᠰᠡᠳᠭᠢᠴᠡ ᠵᠢᠨ ᠬᠢᠨᠢ ᠶᠠᠪᠤᠴᠠ᠂ ᠬᠡᠯᠪᠡᠷᠢ ᠵᠡᠷᠭᠡ ᠶ᠋ᠢ ᠵᠦᠢᠴᠢᠯᠡᠨ ᠲᠣᠳᠤᠷᠠᠭᠤᠯᠵᠤ ᠵᠠᠭᠪᠤᠷᠴᠢᠯᠠᠨ ᠦᠵᠡᠭᠦᠯᠪᠡ᠂ ᠡᠭᠦᠨ ᠢ᠋ᠶ᠋ᠡᠷ ᠦᠯᠦ ᠪᠠᠷᠠᠨ ᠲᠡᠭᠦᠨ ᠢ᠋ ᠬᠣᠶᠠᠷ ᠵᠦᠢᠯ ᠦ᠋ᠨ ᠯᠣᠭᠢᠭ ᠤ᠋ᠨ ᠤᠬᠠᠭᠠᠨ ᠯᠤᠭ᠎ᠠ ᠬᠣᠯᠪᠤᠭᠳᠠᠭᠤᠯᠤᠨ ᠲᠠᠢᠯᠪᠤᠷᠢᠯᠠᠵᠤ᠂ ᠮᠣᠩᠭᠤᠯ ᠬᠡᠯᠡᠨ ᠦ᠌ ᠨᠠᠢᠷᠠᠭᠤᠯᠭ᠎ᠠ ᠵᠢᠨ ᠦᠵᠡᠭᠳᠡᠯ ᠢ᠋ ᠬᠠᠮᠢᠶ᠎ᠠ ᠪᠦᠬᠦᠢ ᠰᠢᠨᠵᠢᠯᠡᠬᠦ ᠤᠬᠠᠭᠠᠨ ᠤ᠋ ᠡᠭᠦᠳᠡᠨ ᠡᠴᠡ ᠶᠡᠷᠦᠩᠬᠡᠢᠯᠡᠨ ᠠᠪᠴᠤ ᠵᠠᠳᠠᠯᠵᠤ ᠰᠤᠳᠤᠯᠬᠤ ᠶ᠋ᠢ ᠵᠣᠷᠢᠭᠰᠠᠨ ᠪᠦᠯᠦᠭᠡ᠃