ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠯ ᠬᠡᠯᠡᠨ ᠦ᠌ ᠦᠭᠡᠰ ᠦ᠋ᠨ ᠠᠢᠮᠠᠭ ᠪᠠ ᠦᠭᠡᠰ ᠢ᠋ ᠠᠢᠮᠠᠭᠯᠠᠬᠤ ᠪᠠᠷᠢᠮᠵᠢᠶᠠᠨ ᠤ᠋ ᠲᠤᠬᠠᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠬᠦᠯ ᠭᠦᠨ ᠤᠬᠠᠭᠠᠨ ᠨᠡᠢᠭᠡᠮ ᠦᠨ ᠰᠢᠨᠵᠢᠯᠡᠬᠦ ᠤᠬᠠᠭᠠᠨ ᠤ ᠮᠣᠩᠭᠤᠯ ᠬᠡᠪᠯᠡᠯ -> 199503
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/25
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠥᠬᠡᠪᠠᠷᠰ
ᠵᠠᠩᠭᠢᠯᠠᠭ᠎ᠠ ᠦᠭᠡ᠄ (ᠦᠭᠡᠢ)
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍᠂ ᠦᠭᠡᠰ ᠦ᠋ᠨ ᠠᠢᠮᠠᠭ ᠤ᠋ᠨ ᠰᠤᠳᠤᠯᠤᠯ ᠳ᠋ᠤ᠌ ᠡᠷᠬᠡᠪᠰᠢ ᠲᠡᠭᠦᠨ ᠦ᠌ ᠬᠡᠯᠡᠨ ᠦ᠌ ᠵᠦᠢ ᠵᠢᠨ ᠣᠨᠴᠠᠯᠢᠭ ᠰᠢᠨᠵᠢ ᠶ᠋ᠢ ᠴᠢᠬᠤᠯᠠ ᠪᠠᠢᠷᠢᠨ ᠳ᠋ᠤ᠌ ᠲᠠᠯᠪᠢᠪᠠᠯ ᠵᠣᠬᠢᠬᠤ ᠶ᠋ᠢ ᠴᠢᠬᠤᠯᠠᠴᠢᠯᠠᠵᠤ᠂ ᠦᠭᠡᠰ ᠦ᠋ᠨ ᠠᠢᠮᠠᠭ ᠤ᠋ᠨ ᠲᠤᠬᠠᠢ ᠤᠯᠠᠮᠵᠢᠯᠠᠯᠲᠤ ᠰᠤᠳᠤᠯᠤᠯ ᠤ᠋ᠨ ᠲᠡᠷᠡᠬᠦ ᠦᠭᠡ ᠵᠢᠨ ᠤᠳᠭ᠎ᠠ᠂ ᠦᠭᠡ ᠵᠢᠨ ᠵᠦᠢ ᠵᠢᠨ ᠬᠤᠪᠢᠯᠤᠯ ᠵᠢᠴᠢ ᠥᠭᠦᠯᠡᠪᠦᠷᠢ ᠵᠦᠢ ᠵᠢᠨ ᠴᠢᠳᠠᠮᠵᠢ ᠭᠤᠷᠪᠠ ᠶ᠋ᠢ ᠵᠡᠷᠭᠡ ᠪᠡᠷ ᠤᠶᠠᠯᠳᠤᠭᠤᠯᠤᠨ ᠬᠡᠷᠡᠭᠯᠡᠳᠡᠭ ᠪᠠᠷᠢᠮᠵᠢᠶ᠎ᠠ ᠶ᠋ᠢ ᠬᠣᠭᠤᠷᠤᠨᠳᠤ ᠪᠠᠨ ᠠᠪᠤᠴᠠᠯᠳᠤᠭ᠎ᠠ ᠬᠣᠯᠪᠤᠭ᠎ᠠ ᠮᠠᠭᠤᠲᠠᠢ᠂ ᠦᠭᠡᠰ ᠦ᠋ᠨ ᠠᠢᠮᠠᠭ ᠢ᠋ ᠠᠩᠭᠢᠯᠠᠬᠤ ᠶᠠᠪᠤᠴᠠ ᠳ᠋ᠤ᠌ ᠡᠬᠢᠨ ᠡᠴᠡ ᠳᠠᠭᠤᠰᠲᠠᠯ᠎ᠠ ᠪᠦᠷᠢᠨ ᠲᠤᠤᠱᠯᠠᠭᠳᠠᠵᠤ ᠦᠯᠦ ᠴᠢᠳᠠᠬᠤ ᠨᠢᠭᠡᠨ ᠶᠠᠷᠰᠢᠭ ᠲᠦᠪᠡᠭᠲᠡᠢ ᠪᠠᠷᠢᠮᠵᠢᠶ᠎ᠠ ᠪᠣᠯᠤᠭᠰᠠᠨ ᠬᠡᠮᠡᠨ ᠦᠵᠡᠵᠦ ᠲᠡᠳᠡᠭᠡᠷ ᠦ᠋ᠨ ᠳᠣᠲᠤᠷ᠎ᠠ ᠠ᠋ᠴᠠ ᠭᠠᠭᠴᠠ ᠥᠭᠦᠯᠡᠪᠦᠷᠢ ᠵᠦᠢ ᠵᠢᠨ ᠴᠢᠳᠠᠮᠵᠢ ᠨᠢ ᠰᠠᠶᠢ ᠨᠢᠭᠡᠨ ᠲᠤᠤᠱ ᠬᠡᠷᠡᠭᠯᠡᠭᠳᠡᠬᠦ ᠪᠠᠷᠢᠮᠵᠢᠶ᠎ᠠ ᠪᠣᠯᠵᠤ᠂ ᠲᠡᠭᠦᠨ ᠢ᠋ᠶ᠋ᠡᠷ ᠮᠣᠩᠭᠤᠯ ᠬᠡᠯᠡᠨ ᠦ᠌ ᠦᠭᠡᠰ ᠢ᠋ ᠨᠡᠯᠢᠶᠡᠳ ᠵᠦᠢ ᠵᠣᠬᠢᠰᠲᠠᠢ᠂ ᠪᠦᠷᠢᠨ ᠬᠠᠩᠭᠠᠮᠵᠢᠲᠠᠢ ᠠᠩᠭᠢᠯᠠᠨ ᠲᠣᠳᠤᠷᠬᠠᠢᠯᠠᠵᠤ ᠪᠣᠯᠬᠤ ᠪᠠ ᠮᠣᠩᠭᠤᠯ ᠬᠡᠯᠡᠨ ᠦ᠌ ᠪᠠᠢᠳᠠᠯ ᠳ᠋ᠤ᠌ ᠮᠠᠰᠢ ᠰᠠᠢᠨ ᠲᠣᠬᠢᠷᠠᠬᠤ ᠪᠠᠷᠢᠮᠵᠢᠶ᠎ᠠ ᠶᠤᠮ ᠭᠡᠵᠦ ᠦᠵᠡᠯ᠎ᠡ᠃ ᠲᠡᠭᠡᠭᠡᠳ ᠮᠣᠩᠭᠤᠯ ᠬᠡᠯᠡᠨ ᠦ᠌ ᠦᠭᠡᠰ ᠦ᠋ᠨ ᠠᠢᠮᠠᠭ ᠢ᠋ ᠶᠡᠬᠡ ᠲᠥᠯᠦᠪ ᠭᠤᠷᠪᠠᠨ ᠳᠡᠰ ᠳᠠᠪᠬᠤᠷᠭ᠎ᠠ ᠳ᠋ᠤ᠌ ᠬᠤᠪᠢᠷᠠᠭᠠᠳ ᠳᠤᠮᠳᠠ ᠳᠡᠰ ᠲᠤᠨᠢ ᠠᠷᠪᠠᠨ ᠨᠢᠭᠡᠨ ᠠᠢᠮᠠᠭ ᠪᠣᠯᠭᠠᠨ ᠵᠢᠭᠰᠠᠭᠠᠵᠠᠢ᠃