ᠮᠣᠩᠭᠤᠯ ᠬᠢᠲᠠᠳ ᠣᠶᠤᠲᠠᠳ ᠤᠨ ᠶᠠᠫᠤᠨ ᠬᠡᠯᠡᠨ ᠤ᠋ ᠠᠪᠢᠶ᠎ᠠ ᠶ᠋ᠢ ᠵᠥᠪ ᠡᠵᠡᠮᠰᠢᠬᠦ ᠬᠦᠴᠢᠷᠳᠡᠯᠭᠡ ᠵᠢᠨ ᠲᠤᠬᠠᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠬᠦᠯ ᠭᠦᠨ ᠤᠬᠠᠭᠠᠨ ᠨᠡᠢᠭᠡᠮ ᠦᠨ ᠰᠢᠨᠵᠢᠯᠡᠬᠦ ᠤᠬᠠᠭᠠᠨ ᠤ ᠮᠣᠩᠭᠤᠯ ᠬᠡᠪᠯᠡᠯ -> 201604
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/12
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠠᠰᠤᠨᠲᠤᠶᠠᠭ᠎ᠠ
ᠵᠠᠩᠭᠢᠯᠠᠭ᠎ᠠ ᠦᠭᠡ᠄ ᠮᠣᠩᠭᠤᠯ ᠬᠢᠲᠠᠳ ᠣᠶᠤᠲᠠᠳ ᠶᠠᠫᠤᠨ ᠬᠡᠯᠡᠨ ᠦ᠌ ᠠᠪᠢᠶ᠎ᠠ ᠬᠦᠴᠢᠷᠳᠡᠯᠭᠡ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠶᠠᠫᠤᠨ ᠬᠡᠯᠡᠨ ᠦ᠌ ᠠᠪᠢᠶ᠎ᠠ ᠶ᠋ᠢ ᠵᠥᠪ ᠣᠨᠤᠪᠴᠢᠲᠠᠢ ᠡᠵᠡᠮᠰᠢᠬᠦ ᠪᠣᠯ ᠰᠤᠷᠤᠭᠴᠢᠳ ᠤᠨ ᠶᠠᠫᠤᠨ ᠬᠡᠯᠡ ᠰᠤᠷᠬᠤ ᠶᠠᠪᠤᠴᠠ ᠳ᠋ᠠᠬᠢ ᠠᠩᠬᠠᠨ ᠤ᠋ ᠱᠠᠲᠤᠨ ᠤ᠋ ᠬᠦᠴᠢᠷᠳᠡᠯᠭᠡ ᠵᠢᠨ ᠨᠢᠭᠡ ᠵᠦᠢᠯ ᠪᠣᠯᠤᠨ᠎ᠠ᠃ ᠰᠤᠷᠤᠭᠴᠢᠳ ᠲᠤ᠌ ᠲᠤᠯᠭᠠᠷᠠᠬᠤ ᠠᠪᠢᠶᠠᠨ ᠤ᠋ ᠬᠦᠴᠢᠷᠳᠡᠯᠭᠡ ᠵᠢᠨ ᠰᠢᠯᠲᠠᠭᠠᠨ ᠢ᠋ ᠬᠠᠢᠨ ᠰᠦᠪᠡᠭᠴᠢᠯᠡᠬᠦ ᠪᠣᠯ ᠠᠪᠢᠶᠠᠨ ᠤ᠋ ᠠᠯᠳᠠᠭ᠎ᠠ ᠶ᠋ᠢ ᠵᠠᠯᠠᠷᠠᠭᠤᠯᠵᠤ ᠵᠥᠪ ᠠᠪᠢᠶ᠎ᠠ ᠶ᠋ᠢ ᠡᠵᠡᠮᠰᠢᠭᠦᠯᠬᠦ ᠵᠢᠨ ᠤᠷᠢᠲᠠᠯ ᠨᠥᠬᠦᠴᠡᠯ ᠪᠣᠯᠬᠤ ᠶᠤᠮ᠃ ᠥᠭᠦᠯᠡᠯ ᠳ᠋ᠦ᠍ ᠰᠤᠷᠤᠭᠴᠢᠳ ᠤᠨ ᠡᠬᠡ ᠬᠡᠯᠡᠨ ᠤ᠋ ᠠᠪᠢᠶ᠎ᠠ ᠵᠢ ᠶᠠᠫᠤᠨ ᠬᠡᠯᠡᠨ ᠦ᠌ ᠠᠪᠢᠶ᠎ᠠ ᠲᠠᠢ ᠳᠥᠭᠦᠮ ᠬᠠᠷᠢᠴᠠᠭᠤᠯᠬᠤ ᠪᠠᠷ ᠳᠠᠮᠵᠢᠭᠤᠯᠤᠨ᠂ ᠮᠣᠩᠭᠤᠯ ᠬᠢᠲᠠᠳ ᠣᠶᠤᠲᠠᠳ ᠲᠤ᠌ ᠦᠷᠭᠦᠯᠵᠢ ᠲᠣᠬᠢᠶᠠᠯᠳᠤᠳᠠᠭ ᠠᠪᠢᠶᠠᠨ ᠤ᠋ ᠬᠦᠴᠢᠷᠳᠡᠯᠭᠡ ᠵᠢᠨ ᠭᠣᠣᠯ ᠰᠢᠯᠲᠠᠭᠠᠨ ᠢ᠋ ᠡᠷᠢᠵᠦ᠂ ᠬᠢᠲᠠᠳ ᠡᠬᠡ ᠬᠡᠯᠡ ᠲᠠᠢ ᠣᠶᠤᠲᠠᠳ ᠶᠠᠫᠤᠨ ᠬᠡᠯᠡ ᠶ᠋ᠢ ᠰᠤᠷᠬᠤ ᠳ᠋ᠤ᠌ ᠶᠠᠭᠠᠬᠢᠭᠠᠳ ᠮᠣᠩᠭᠤᠯ ᠡᠬᠡ ᠬᠡᠯᠡ ᠲᠠᠢ ᠣᠶᠤᠲᠠᠳ ᠠ᠋ᠴᠠ ᠢᠯᠡᠭᠦᠦ ᠠᠪᠢᠶᠠᠨ ᠤ᠋ ᠬᠦᠴᠢᠷᠳᠡᠯ ᠲᠤᠯᠭᠠᠷᠠᠳᠠᠭ ᠭᠣᠣᠯ ᠰᠢᠯᠲᠠᠭᠠᠨ ᠢ᠋ ᠰᠦᠪᠡᠭᠴᠢᠯᠡᠨ᠂ ᠰᠤᠷᠤᠭᠴᠢᠳ ᠤᠨ ᠪᠣᠳᠠᠲᠠᠢ ᠪᠠᠢᠳᠠᠯ ᠢ᠋ ᠦᠨᠳᠦᠰᠦᠯᠡᠨ ᠠᠪᠢᠶᠠᠨ ᠤ᠋ ᠵᠢᠯᠤᠭᠤᠳᠤᠯᠭ᠎ᠠ ᠶ᠋ᠢ ᠪᠦᠲᠦᠮᠵᠢᠲᠡᠢ ᠬᠢᠬᠦ ᠴᠢᠬᠤᠯᠠ ᠴᠢᠨᠠᠷ ᠤᠨ ᠲᠤᠬᠠᠢ ᠥᠪᠡᠷ ᠦ᠋ᠨ ᠦᠵᠡᠯᠲᠡ ᠪᠡᠨ ᠳᠤᠷᠠᠳᠴᠠᠢ᠃