ᠪᠠᠭᠠᠲᠤᠷ ᠡᠷ᠎ᠡ ᠵᠢᠨ ᠰᠡᠳᠦᠪᠲᠦ ᠬᠣᠷᠴᠢᠨ ᠠᠷᠠᠳ ᠤᠨ ᠳᠠᠭᠤᠤ ᠳ᠋ᠠᠬᠢ ᠬᠤᠭᠤᠷ ᠤ᠋ᠨ ᠦᠯᠢᠭᠡᠷ ᠦ᠋ᠨ ᠨᠥᠯᠦᠭᠡ ᠶ᠋ᠢ ᠥᠭᠦᠯᠡᠬᠦ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠬᠦᠯ ᠭᠦᠨ ᠤᠬᠠᠭᠠᠨ ᠨᠡᠢᠭᠡᠮ ᠦᠨ ᠰᠢᠨᠵᠢᠯᠡᠬᠦ ᠤᠬᠠᠭᠠᠨ ᠤ ᠮᠣᠩᠭᠤᠯ ᠬᠡᠪᠯᠡᠯ -> 201704
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/12
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠯᠢᠦ ᠱᠧᠩ
ᠵᠠᠩᠭᠢᠯᠠᠭ᠎ᠠ ᠦᠭᠡ᠄ ᠪᠠᠭᠠᠲᠤᠷ ᠡᠷ᠎ᠡ ᠵᠢᠨ ᠰᠡᠳᠦᠪᠲᠦ ᠬᠣᠷᠴᠢᠨ ᠠᠷᠠᠳ ᠤᠨ ᠳᠠᠭᠤᠤ ᠬᠤᠭᠤᠷ ᠤᠨ ᠦᠯᠢᠭᠡᠷ ᠨᠥᠯᠦᠭᠡ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠥᠪᠦᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠵᠢᠨ ᠰᠢᠨᠵᠢᠯᠡᠬᠦ ᠤᠬᠠᠭᠠᠨ ᠤ᠋ ᠰᠠᠭᠤᠷᠢ ᠮᠥᠩᠭᠦᠨ ᠦ᠌ ᠲᠥᠰᠦᠪ︽ᠪᠠᠭᠠᠲᠤᠷ ᠡᠷ᠎ᠡ ᠵᠢᠨ ᠰᠡᠳᠦᠪᠲᠦ ᠬᠣᠷᠴᠢᠨ ᠠᠷᠠᠳ ᠤᠨ ᠳᠠᠭᠤᠤᠵᠢᠨ ᠰᠤᠳᠤᠯᠤᠯ︾[ᠵᠥᠪᠰᠢᠶᠡᠷᠡᠭᠰᠡᠨ ᠨᠣᠮᠧᠷ᠄ 14KYPT05] ᠦ᠋ᠨ ᠬᠡᠰᠡᠭ ᠠᠭᠤᠯᠭ᠎ᠠ ᠪᠣᠯᠤᠨ᠎ᠠ᠃
ᠠᠭᠤᠯᠭ᠎ᠠ ᠶ᠋ᠢᠨ ᠲᠣᠪᠴᠢ᠄ ᠪᠠᠭᠠᠲᠤᠷ ᠡᠷ᠎ᠡ ᠵᠢᠨ ᠰᠡᠳᠦᠪᠲᠦ ᠬᠣᠷᠴᠢᠨ ᠠᠷᠠᠳ ᠤᠨ ᠳᠠᠭᠤᠤ ᠪᠣᠯ ᠬᠣᠷᠴᠢᠨ ᠠᠷᠠᠳ ᠤᠨ ᠳᠠᠭᠤᠤ ᠳᠣᠲᠤᠷ᠎ᠠ ᠬᠠᠷᠢᠴᠠᠩᠭᠤᠢ ᠪᠡᠶ᠎ᠡ ᠪᠡᠨ ᠳᠠᠭᠠᠭᠠᠨ ᠣᠷᠤᠰᠢᠵᠤ ᠪᠠᠢᠭ᠎ᠠ ᠣᠨᠴᠠᠭᠠᠢ ᠤᠳᠭ᠎ᠠ ᠰᠡᠳᠦᠪ ᠪᠦᠬᠦᠢ ᠦᠯᠢᠭᠡᠷᠲᠦ ᠠᠷᠠᠳ ᠤᠨ ᠳᠠᠭᠤᠤ ᠵᠢᠨ ᠴᠣᠮᠣᠷᠯᠢᠭ ᠪᠣᠯᠤᠨ᠎ᠠ᠃ ᠦᠯᠢᠭᠡᠷᠲᠦ ᠠᠷᠠᠳ ᠤ᠋ᠨ ᠳᠠᠭᠤᠤ ᠬᠠᠮᠤᠭ ᠠ᠋ᠴᠠ ᠢᠯᠡᠭᠦᠦ ᠬᠥᠭᠵᠢᠨ ᠴᠡᠴᠡᠭᠯᠡᠭᠰᠡᠨ ᠣᠷᠤᠨ ᠨᠤᠲᠤᠭ ᠪᠣᠯ ᠬᠤᠭᠤᠷ ᠤ᠋ᠨ ᠦᠯᠢᠭᠡᠷ ᠥᠷᠭᠡᠨ ᠳᠡᠯᠭᠡᠷᠡᠭᠰᠡᠨ ᠬᠣᠷᠴᠢᠨ ᠨᠤᠲᠤᠭ ᠪᠣᠯᠤᠨ᠎ᠠ᠃ ᠣᠢᠷ᠎ᠠ ᠣᠷᠴᠢᠨ ᠦᠶ᠎ᠡ ᠳ᠋ᠦ᠍ ᠬᠣᠷᠴᠢᠨ ᠨᠤᠲᠤᠭ ᠲᠤ᠌ ᠪᠠᠭᠠᠲᠤᠷ ᠡᠷ᠎ᠡ ᠵᠢᠨ ᠰᠡᠳᠦᠪᠲᠦ ᠳᠠᠭᠤᠤ ᠬᠥᠭᠵᠢᠨ ᠴᠡᠴᠡᠭᠯᠡᠭᠰᠡᠨ ᠨᠢ ᠲᠤᠬᠠᠢ ᠵᠢᠨ ᠭᠠᠵᠠᠷ ᠣᠷᠤᠨ ᠳ᠋ᠤ᠌ ᠥᠷᠭᠡᠨ ᠳᠡᠯᠭᠡᠷᠡᠭᠰᠡᠨ ᠬᠤᠭᠤᠷ ᠤᠨ ᠦᠯᠢᠭᠡᠷ ᠲᠠᠢ ᠨᠢᠭᠲᠠ ᠬᠣᠯᠪᠤᠭ᠎ᠠ ᠲᠠᠢ᠃ ᠬᠤᠭᠤᠷ ᠤᠨ ᠦᠯᠢᠭᠡᠷ ᠨᠢ ᠨᠤᠲᠤᠭ ᠭᠠᠷᠤᠯ ᠨᠢᠭᠡᠲᠡᠢ ᠪᠠᠭᠠᠲᠤᠷ ᠡᠷ᠎ᠡ ᠵᠢᠨ ᠰᠡᠳᠦᠪᠲᠦ ᠬᠣᠷᠴᠢᠨ ᠠᠷᠠᠳ ᠤᠨ ᠳᠠᠭᠤᠤ ᠵᠢᠨ ᠡᠭᠦᠰᠦᠨ ᠬᠥᠭᠵᠢᠬᠦ ᠶᠠᠪᠤᠴᠠ ᠳ᠋ᠤ᠌ ᠵᠣᠬᠢᠶᠠᠮᠵᠢ᠂ ᠬᠡᠯᠪᠡᠷᠢ ᠵᠢᠨ ᠲᠠᠯ᠎ᠠ ᠪᠡᠷ ᠭᠦᠨ ᠨᠥᠯᠦᠭᠡᠯᠡᠭᠰᠡᠨ ᠢ᠋ᠶ᠋ᠡᠷ ᠪᠠᠷᠠᠬᠤ ᠦᠭᠡᠢ ᠠᠭᠤᠯᠭ᠎ᠠ ᠪᠠ ᠬᠥᠭᠵᠢᠮ ᠦ᠋ᠨ ᠲᠠᠯ᠎ᠠ ᠪᠡᠷ ᠴᠦ ᠨᠥᠯᠦᠭᠡᠯᠡᠪᠡ᠃