ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

︽ᠮᠣᠩᠭᠤᠯ  ᠤᠨ ᠨᠢᠭᠤᠴᠠ ᠲᠣᠪᠴᠢᠶᠠᠨ ︾  ᠤ   ᠪᠡᠬᠡ ᠦᠭᠡ  ᠶᠢᠨ ᠰᠢᠨᠵᠢᠯᠡᠯ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200202
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠪᠦᠷᠢᠨᠪᠠᠲᠤ
ᠵᠠᠩᠭᠢᠯᠠᠭ᠎ᠠ ᠦᠭᠡ᠄ (ᠦᠭᠡᠢ)
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳᠦ ᠂ ︽ ᠮᠣᠩᠭᠤᠯ ᠤ᠋ᠨ ᠨᠢᠭᠤᠴᠠ ᠲᠣᠪᠴᠢᠶᠠᠨ ︾ ᠤ ᠪᠡᠬᠡ ᠦᠭᠡ ᠶᠢ ᠰᠢᠨᠵᠢᠯᠡᠭᠰᠡᠨ ᠪᠠᠢᠨ᠎ᠠ ᠃ ᠨᠢᠭᠡ ᠳᠦ ᠂ ᠬᠡᠯᠡ ᠬᠠᠷᠢᠯᠴᠠᠭᠠᠨ ᠤ ᠶᠠᠪᠤᠴᠠ ᠳᠤ ᠂ ᠶᠠᠮᠠᠷ ᠨᠢᠭᠡᠨ ᠣᠨᠴᠠᠭᠠᠢ ᠣᠷᠴᠢᠨ ᠪᠤᠶᠤ ᠣᠨᠴᠠᠭᠠᠢ ᠰᠢᠯᠲᠠᠭᠠᠨ ᠠᠴᠠ ᠪᠣᠯᠵᠤ ᠂ ᠶᠠᠮᠠᠷ ᠨᠢᠭᠡᠨ ᠬᠥᠮᠦᠨ ᠶᠠᠭᠤᠮ᠎ᠠ ᠂ ᠬᠡᠷᠡᠭ ᠤᠴᠢᠷ ᠂ ᠦᠵᠡᠭᠳᠡᠯ ᠦᠨ ᠲᠤᠬᠠᠢ ᠰᠢᠭᠤᠳ ᠢᠯᠡ ᠬᠡᠯᠡᠬᠦ ᠡᠴᠡ ᠵᠠᠢᠯᠠᠰᠬᠢᠵᠤ ᠂ ᠪᠤᠰᠤᠳ ᠦᠭᠡᠨ ᠳᠦ ᠳᠠᠯᠳᠠ ᠨᠢᠭᠤᠴᠠ ᠰᠠᠨᠠᠭ᠎ᠠ ᠪᠠᠨ ᠠᠭᠤᠯᠤᠨ ᠂ ᠲᠣᠭᠤᠷᠢᠭᠤ ᠲᠤᠭᠰᠢᠭᠤ ᠪᠠᠷ ᠢᠯᠡᠳᠭᠡᠬᠦ ᠤᠴᠢᠷ ᠪᠤᠢ ᠃ ᠬᠡᠯᠡ ᠬᠠᠷᠢᠯᠴᠠᠭᠠᠨ ᠤ ᠣᠨᠴᠠᠭᠠᠢ ᠣᠷᠴᠢᠨ ᠳᠤ ᠡᠢᠨ ᠬᠦ᠌ ᠳᠠᠯᠳᠠ ᠨᠢᠭᠤᠴᠠ ᠰᠠᠨᠠᠭ᠎ᠠ ᠶᠢ ᠠᠭᠤᠯᠵᠤ ᠣᠷᠤᠯᠠᠨ ᠬᠡᠷᠡᠭᠯᠡᠭᠳᠡᠭᠰᠡᠨ ᠦᠭᠡ ᠶᠢ ᠪᠡᠬᠡ ᠦᠭᠡ ᠭᠡᠵᠦ ᠨᠡᠷᠡᠯᠡᠵᠦ ᠪᠣᠯᠤᠮᠠᠷ ᠶᠤᠮ ᠭᠡᠵᠦ ᠵᠣᠬᠢᠶᠠᠭᠴᠢ ᠦᠵᠡᠭᠰᠡᠨ ᠪᠥᠭᠡᠳ ᠮᠣᠩᠭᠤᠯ ᠬᠡᠯᠡᠨ ᠦ ᠲᠡᠦᠬᠡᠨ ᠳᠡᠬᠢ ᠪᠡᠬᠡ ᠦᠭᠡ ᠶᠢᠨ ᠬᠡᠷᠡᠭᠯᠡᠭᠡᠨ ᠦ ᠪᠠᠢᠳᠠᠯ ᠢ᠋ ᠪᠣᠳᠠᠲᠠᠢ ᠵᠢᠱ᠌ᠢᠶ᠎ᠡ ᠨᠦ᠍ᠭᠦᠳ ᠢ᠋ᠶ᠋ᠡᠷ ᠲᠣᠳᠤᠷᠬᠠᠢᠯᠠᠵᠠᠢ ᠃ ᠬᠣᠶᠠᠷ ᠲᠤ ᠂ ︽ ᠮᠣᠩᠭᠤᠯ ᠤ᠋ᠨ ᠨᠢᠭᠤᠴᠠ ᠲᠣᠪᠴᠢᠶᠠᠨ ︾ ᠳᠤ ᠦᠭᠡ ᠶᠢ ᠪᠡᠬᠡᠯᠡᠵᠦ ᠬᠡᠷᠡᠭᠯᠡᠬᠦ ᠶᠣᠰᠤ ᠲᠣᠳᠤᠷᠬᠠᠢ ᠲᠤᠰᠭᠠᠭᠳᠠᠭᠰᠠᠨ ᠭᠡᠳᠡᠭ ᠢ ᠪᠦᠬᠦ ᠵᠣᠬᠢᠶᠠᠯ ᠤᠨ ᠬᠢᠨᠢ ᠴᠣᠭᠴᠠ ᠠᠴᠠ ᠬᠤᠷᠢᠶᠠᠩᠭᠤᠢᠯᠠᠨ ᠲᠣᠳᠤᠷᠠᠭᠤᠯᠵᠤ ᠂ ︽ ᠪᠡᠶ᠎ᠡ ᠲᠡᠷᠢᠭᠦᠲᠦ ᠂ ᠳᠡᠪᠡᠯ ᠵᠠᠬᠠᠲᠤ ᠰᠠᠢᠨ ︾ ᠂ ︽ ᠠᠭᠤᠯᠠ ﹇ ᠳ᠋ᠤᠷ ﹈ ᠰᠢᠬᠠᠨ ᠪᠠᠭᠤᠶ᠎ᠠ ᠂ ᠠᠳᠤᠭᠤᠴᠢᠨ ᠪᠢᠳᠡᠨ ᠦ ᠠᠯᠠᠴᠤᠭ᠎ᠠ ᠬᠦᠷᠲᠦᠭᠡᠢ ᠃ ᠭᠣᠣᠯ ᠳ᠋ᠤᠷ ᠰᠢᠬᠠᠨ ᠪᠠᠭᠤᠶ᠎ᠠ ᠂ ᠬᠣᠨᠢᠴᠢᠨ ᠬᠤᠷᠢᠭᠠᠴᠢᠳ ᠪᠢᠳᠡᠨ ᠦ ᠬᠣᠭᠣᠯᠠᠶ᠎ᠠ ᠬᠦᠷᠲᠦᠭᠡᠢ ︾ ᠂ ︽ ᠠᠬᠤ ᠬᠠᠢᠷᠭᠤᠨ᠎ᠠ ᠪᠢ ᠪᠤᠶᠤ ᠊ᠶ᠎ᠠ ᠂ ᠠᠵᠢᠷᠠᠬᠤ ᠪᠢᠯᠲᠤᠭᠤᠷ ᠠᠨᠳᠠ ᠮᠢᠨᠤ ᠪᠤᠶᠤ ︾ ᠭᠡᠬᠦ ᠮᠡᠲᠦ ᠪᠣᠳᠠᠲᠠᠢ ᠵᠢᠱ᠌ᠢᠶ᠎ᠡ ᠨᠦ᠍ᠭᠦᠳ ᠢ᠋ ᠪᠡᠬᠡ ᠦᠭᠡ ᠶᠢᠨ ᠳᠠᠭᠠᠪᠤᠷᠢ ᠲᠠᠢᠯᠪᠤᠷᠢ ᠱᠠᠭᠠᠷᠳᠠᠳᠠᠭ ᠣᠨᠴᠠᠯᠢᠭ ᠲᠤᠨᠢ ᠦᠨᠳᠦᠰᠦᠯᠡᠭᠦᠯᠵᠦ ᠂ ᠲᠠᠢᠯᠪᠤᠷᠢᠯᠠᠨ ᠵᠠᠳᠠᠯᠤᠭᠰᠠᠨ ᠪᠠᠢᠨ᠎ᠠ ᠃