︽ ᠮᠣᠩᠭᠤᠯ ᠶᠠᠷᠢᠶᠠᠨ ᠤ ᠬᠡᠯᠡᠨ ᠦ ᠮᠠᠲ᠋ᠧᠷᠢᠶᠠᠯ ᠤᠨ ᠰᠠᠩ ︾ ᠢ ᠠᠰᠢᠭᠯᠠᠨ ᠡᠭᠡᠰᠢᠭ ᠦᠨ ᠤᠷᠲᠤᠴᠠ ᠶᠢ ᠰᠢᠨᠵᠢᠯᠡᠬᠦ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201206
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠢᠦᠢ ᠷᠦᠩ
ᠵᠠᠩᠭᠢᠯᠠᠭ᠎ᠠ ᠦᠭᠡ᠄ (ᠦᠭᠡᠢ)
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠂ ᠨᠢᠭᠡ ᠴᠠᠭ ᠤᠨ ᠴᠢᠯᠦᠭᠡᠲᠦ ᠶᠠᠷᠢᠯᠴᠠᠭᠠᠨ ᠣ ᠮᠠᠲ᠋ᠧᠷᠢᠶᠠᠯ ᠳ᠋ᠦ᠍ ᠭᠠᠷᠤᠭᠰᠠᠨ ᠡᠭᠡᠰᠢᠭ ᠦᠨ ᠤᠷᠲᠤᠴᠠ ᠶᠢ ᠪᠦᠷᠢᠳᠭᠡᠨ ᠵᠠᠳᠠᠯᠤᠭᠰᠠᠨ ᠶᠤᠮ ᠃ ᠵᠠᠳᠠᠯᠤᠯᠲᠠ ᠶᠢᠨ ᠳ᠋ᠦᠩ ᠳ᠋ᠦ᠍ ᠂ ᠪᠣᠭᠤᠨᠢ ᠡᠭᠡᠰᠢᠭ ᠦᠨ ᠹᠢᠽᠢᠺ ᠦᠨ ᠤᠷᠲᠤᠴᠠ ᠨᠢ ᠶᠡᠷᠦᠩᠬᠡᠢ ᠳ᠋ᠤ᠌ ᠪᠠᠨ 0.08s ᠡᠴᠡ ᠪᠠᠭ᠎ᠠ ᠪᠠᠢᠨ᠎ᠠ ᠂ ᠤᠷᠲᠤ ᠡᠭᠡᠰᠢᠭ ᠦᠨ ᠪᠠᠢᠳᠠᠯ ᠬᠠᠷᠢᠨ ᠪᠤᠳᠤᠯᠢᠶᠠᠨᠲᠠᠢ ᠂ ᠡᠩ ᠦᠨ ᠪᠠᠢᠳᠠᠯ ᠳ᠋ᠦ᠍ ᠪᠣᠭᠤᠨᠢ ᠡᠭᠡᠰᠢᠭ ᠦᠨ ᠨᠢᠭᠡ ᠳᠠᠬᠢᠨ ᠤᠷᠲᠤ ᠪᠣᠯᠬᠤ ᠦᠭᠡᠢ ᠂ ᠦᠭᠡᠨ ᠳ᠋ᠦ᠍ ᠣᠷᠤᠬᠤ ᠪᠠᠢᠷᠢ ᠨᠢ ᠬᠣᠢᠰᠢᠯᠠᠬᠤ ᠳᠣᠳᠤᠮ ᠪᠣᠭᠤᠨᠢᠰᠴᠤ ᠪᠣᠢ ᠃ ᠦᠭᠡ ᠶᠢᠨ ᠨᠢᠭᠡᠳᠦᠭᠡᠷ ᠦᠶ᠎ᠡ ᠶᠢᠨ ᠤᠷᠲᠤ ᠡᠭᠡᠰᠢᠭ ᠦᠨ ᠤᠷᠲᠤᠴᠠ ᠨᠢ ᠬᠣᠢᠨᠠᠬᠢ ᠦᠶ᠎ᠡ ᠨᠦ᠍ᠭᠦᠳ ᠦ᠋ᠨ ᠬᠢ ᠡᠴᠡ ᠤᠷᠲᠤ ᠪᠠᠢᠵᠤ ᠂ ᠤᠷᠲᠤ ᠶᠢᠨ ᠬᠡᠮᠵᠢᠶ᠎ᠡ ᠶᠢᠨ ᠢᠯᠡᠷᠡᠭᠰᠡᠨ ᠪᠠᠢᠳᠠᠯ ᠨᠢ ᠲᠥᠪᠯᠡᠷᠡᠩᠭᠦᠢ ᠪᠢᠰᠢ ᠪᠠᠢᠪᠠ ᠃ ᠬᠣᠶᠠᠷ ᠂ ᠭᠤᠷᠪᠠ ᠪᠠ ᠳᠥᠷᠪᠡᠳᠦᠭᠡᠷ ᠦᠶ᠎ᠡ ᠳ᠋ᠦ᠍ ᠣᠷᠤᠬᠤ ᠤᠷᠲᠤ ᠡᠭᠡᠰᠢᠭ ᠨᠢ ᠪᠣᠭᠤᠨᠢ ᠡᠭᠡᠰᠢᠭ ᠲᠠᠢ ᠠᠳᠠᠯᠢᠪᠲᠤᠷ 0.08s ᠠᠴᠠ ᠪᠠᠭ᠎ᠠ ᠪᠣᠯᠬᠤ ᠨᠢ ᠵᠣᠩᠬᠢᠯᠠᠬᠤ ᠲᠣᠭ᠎ᠠ ᠶᠢ ᠡᠵᠡᠯᠡᠵᠦ ᠪᠠᠢᠨ᠎ᠠ ᠃