ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠷ ᠬᠡᠯᠡᠨ  ᠦ ᠮᠢᠨ ᠾᠧ ᠠᠶᠠᠯᠭᠤ ᠪᠠ ᠬᠣᠵᠤ ᠠᠶᠠᠯᠭᠤᠨ  ᠤ ᠠᠪᠢᠶ᠎ᠠ  ᠶᠢ ᠬᠠᠷᠢᠴᠠᠭᠤᠯᠬᠤ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201205
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠳᠤᠷᠠᠨ
ᠵᠠᠩᠭᠢᠯᠠᠭ᠎ᠠ ᠦᠭᠡ᠄ ᠮᠣᠩᠭᠤᠷ ᠬᠡᠯᠡ ︔ ᠮᠢᠨ ᠾᠧ ᠠᠶᠠᠯᠭᠤ ︔ ᠬᠣᠵᠣ ᠠᠶᠠᠯᠭᠤ ︔ ᠠᠪᠢᠶᠠᠨ ‍ᠣ ᠬᠠᠷᠢᠴᠠᠭᠤᠯᠤᠯ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠫᠣᠰᠲ ᠳ᠋ᠣᠺᠲ᠋ᠣᠷ ᠤᠨ ᠰᠢᠨᠵᠢᠯᠡᠬᠦ ᠤᠬᠠᠭᠠᠨ ᠰᠤᠳᠤᠯᠤᠯ ᠤᠨ ᠰᠠᠭᠤᠷᠢ ᠮᠥᠩᠭᠦᠨ ‍ᠣ ᠰᠡᠳᠦᠪ ︽ ᠮᠣᠩᠭᠤᠷ ᠬᠡᠯᠡ ᠪᠠ ᠮᠣᠩᠭᠣᠯ ᠬᠡᠯᠡᠨ ‍ᠣ ᠠᠪᠢᠶᠠᠨ ‍ᠣ ᠬᠠᠷᠢᠴᠠᠭᠤᠯᠤᠯ ︾ ᠂ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠳᠡᠭᠡᠳᠦ ᠵᠡᠷᠭᠡ ᠶᠢᠨ ᠴᠢᠳᠠᠪᠤᠷᠢᠲᠠᠨ ᠢ ᠡᠯᠰᠡᠬᠦ ᠰᠠᠭᠤᠷᠢ ᠮᠥᠩᠭᠦᠨ ‍ᠣ ᠰᠡᠳᠦᠪ ︽ ᠭᠠᠨᠰᠦ ᠬᠥᠬᠡᠨᠠᠭᠤᠷ ᠮᠤᠵᠢ ᠳᠠᠬᠢ ᠮᠣᠩᠭᠣᠯ ᠲᠥᠷᠦᠯ ᠬᠡᠯᠡᠨ ‍ᠣ ᠠᠪᠢᠶᠠᠨ ‍ᠣ ᠬᠠᠷᠢᠴᠠᠭᠤᠯᠤᠭᠰᠠᠨ ᠰᠤᠳᠤᠯᠤᠯ ︾ ᠬᠢᠭᠡᠳ ᠰᠤᠷᠭᠠᠨ ᠬᠥᠮᠦᠵᠢᠯ ᠦ᠋ᠨ ᠶᠠᠮᠤᠨ ‍ᠣ ᠨᠡᠢᠭᠡᠮ ᠦ᠋ᠨ ᠰᠢᠨᠵᠢᠯᠡᠬᠦ ᠤᠬᠠᠭᠠᠨ ‍ᠣ ᠰᠠᠭᠤᠷᠢ ᠭᠠᠵᠠᠷ ᠤᠨ ᠭᠣᠣᠯᠳᠠᠯᠭᠠᠲᠤ ᠰᠤᠳᠤᠯᠭᠠᠨ ‍ᠣ ᠰᠡᠳᠦᠪ ︽ ᠮᠣᠩᠭᠣᠯ ᠲᠥᠷᠦᠯ ᠬᠡᠯᠡᠨ ‍ᠣ ᠬᠠᠷᠢᠴᠠᠭᠤᠯᠤᠭᠰᠠᠨ ᠰᠤᠳᠤᠯᠤᠯ ︾ ︵11JJD740023 ︶ ᠶᠢᠨ ᠱᠠᠲᠤᠴᠢ ᠴᠢᠨᠠᠷ ᠲᠠᠢ ᠪᠦᠲᠦᠭᠡᠯ ᠪᠣᠯᠣᠨ᠎ᠠ ᠃
ᠠᠭᠤᠯᠭ᠎ᠠ ᠶ᠋ᠢᠨ ᠲᠣᠪᠴᠢ᠄ ᠮᠣᠩᠭᠤᠷ ᠦᠨᠳᠦᠰᠦᠲᠡᠨ ᠪᠣᠯ ᠬᠥᠬᠡᠨᠠᠭᠤᠷ ᠪᠣᠯᠣᠨ ᠭᠠᠨᠰᠦ ᠮᠤᠵᠢ ᠳ᠋ᠤ᠌ ᠭᠣᠣᠯ ᠰᠠᠭᠤᠷᠢᠰᠢᠵᠤ ᠪᠠᠢᠭ᠎ᠠ ᠠᠯᠲᠠᠢ ᠢᠵᠠᠭᠤᠷ ᠤᠨ ᠮᠣᠩᠭᠣᠯ ᠲᠥᠷᠦᠯ ᠬᠡᠯᠡᠲᠡᠨ ᠳ᠋ᠦ᠍ ᠪᠠᠭᠲᠠᠳᠠᠭ ᠦᠨᠳᠦᠰᠦᠲᠡᠨ ᠶᠤᠮ ᠃ ᠮᠣᠩᠭᠤᠷ ᠬᠡᠯᠡ ᠶᠡᠷᠦ ᠳ᠋ᠤ᠌ ᠪᠠᠨ ᠬᠣᠵᠣ ᠠᠶᠠᠯᠭᠤ ᠪᠠ ᠮᠢᠨ ᠾᠧ ᠠᠶᠠᠯᠭᠤ ᠭᠡᠵᠦ ᠬᠣᠶᠠᠷ ᠬᠤᠪᠢᠶᠠᠳᠠᠭ ᠃ ᠬᠣᠶᠠᠷ ᠠᠶᠠᠯᠭᠤᠨ ‍ᠣ ᠣᠷᠤᠨ ᠬᠣᠭᠤᠷᠤᠨᠳᠤ ᠪᠠᠨ ᠠᠯᠤᠰ ᠬᠤᠯᠠ ᠪᠠᠢᠷᠢᠯᠠᠵᠤ ᠂ ᠬᠠᠷᠢᠯᠴᠠᠭ᠎ᠠ ᠴᠥᠭᠡᠨ ᠡᠴᠡ ᠲᠤᠰ ᠬᠣᠶᠠᠷ ᠠᠶᠠᠯᠭᠤᠨ ‍ᠣ ᠠᠪᠢᠶ᠎ᠠ ᠂ ᠦᠭᠡᠰ ᠦᠨ ᠰᠠᠩ ᠂ ᠬᠡᠯᠡ ᠵᠦᠢ ᠶᠢᠨ ᠲᠠᠯ᠎ᠠ ᠪᠠᠷ ᠪᠦᠷ ᠵᠥᠷᠢᠶ᠎ᠡ ᠣᠷᠤᠰᠢᠳᠠᠭ ᠃ ᠢᠯᠠᠩᠭᠤᠶ᠎ᠠ ᠠᠪᠢᠶᠠᠨ ‍ᠣ ᠲᠠᠯ᠎ᠠ ᠪᠠᠷ ᠮᠢᠨ ᠾᠧ ᠠᠶᠠᠯᠭᠤ ᠨᠢ ᠬᠣᠵᠣ ᠠᠶᠠᠯᠭᠤᠨ ᠠᠴᠠ ᠪᠠᠨ ᠮᠡᠳᠡᠭᠳᠡᠮ᠎ᠡ ᠢᠯᠭᠠᠷᠠᠵᠤ ᠪᠠᠢᠳᠠᠭ ᠃ ᠡᠢᠮᠦᠷᠬᠦᠦ ᠵᠥᠷᠢᠶ᠎ᠡ ᠶᠢ ᠰᠤᠳᠤᠯᠬᠤ ᠨᠢ ᠲᠡᠦᠬᠡᠨ ᠠᠪᠢᠶ᠎ᠠ ᠵᠦᠢ ᠶᠢᠨ ᠰᠤᠳᠤᠯᠤᠯ ᠳ᠋ᠤ᠌ ᠴᠢᠬᠤᠯᠠ ᠠᠴᠢ ᠬᠣᠯᠪᠣᠭᠳᠠᠯ ᠲᠠᠢ ᠶᠤᠮ ᠃