ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

︽ᠮᠣᠩᠭᠤᠯ ᠤ᠋ᠨ ᠨᠢᠭᠤᠴᠠ ᠲᠣᠪᠴᠢᠶᠠᠨ ︾ ᠤ ᠠᠳᠠᠯᠢ ᠪᠤᠰᠤ ᠪᠠᠷ ᠬᠡᠪᠯᠡᠯ ᠦᠨ ᠬᠠᠷᠢᠴᠠᠭᠤᠯᠤᠯ ᠢᠶᠠᠷ ᠮᠡᠳᠡᠭᠰᠡᠨ ᠨᠢᠭᠡᠨ ᠵᠥᠷᠢᠶ᠎ᠡ ᠪᠠ ᠲᠡᠭᠦᠨ ᠤ ᠤᠴᠢᠷ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201301
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠤᠷᠢᠶᠠᠩᠬᠠᠢ ᠬᠦᠷᠡᠯᠪᠠᠭᠠᠲᠤᠷ
ᠵᠠᠩᠭᠢᠯᠠᠭ᠎ᠠ ᠦᠭᠡ᠄ ︽ᠮᠣᠩᠭᠤᠯ ᠤ᠋ᠨ ᠨᠢᠭᠤᠴᠠ ᠲᠣᠪᠴᠢᠶᠠᠨ ︾ ︔214 ᠳ᠋ᠤᠭᠡᠷ ᠵᠦᠢᠯ ᠪᠠ215 ᠳ᠋ᠤᠭᠠᠷ ᠵᠦᠢᠯ ︔ ᠠᠭᠤᠯᠭ᠎ᠠ ᠶᠢᠨ ᠳᠠᠪᠲᠠᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳᠦ ︽ ᠮᠣᠩᠭᠤᠯ ᠤ᠋ᠨ ᠨᠢᠭᠤᠴᠠ ᠲᠣᠪᠴᠢᠶᠠᠨ ︾ ᠤ ᠭᠤᠷᠪᠠᠨ ᠠᠳᠠᠯᠢ ᠪᠤᠰᠤ ᠪᠠᠷ ᠬᠡᠪᠯᠡᠯ ᠢ ᠬᠠᠷᠢᠴᠠᠭᠤᠯᠤᠨ ᠂ ᠲᠡᠳᠡᠨ ᠦ ᠬᠣᠭᠤᠷᠤᠨᠳᠤ ᠨᠢᠭᠡᠨ ᠵᠥᠷᠢᠶ᠎ᠡ ᠲᠠᠢ ᠭᠠᠵᠠᠷ ᠣᠷᠤᠰᠢᠵᠤ ᠪᠠᠢᠬᠤ ᠶ᠋ᠢ ᠳᠤᠷᠠᠳᠴᠤ ᠂ ᠲᠡᠷᠡ ᠬᠦ᠌ ᠵᠥᠷᠢᠶ᠎ᠡ ᠨᠢ ᠶᠠᠭᠠᠬᠢᠵᠤ ᠪᠦᠷᠢᠯᠳᠦᠭᠰᠡᠨ ᠲᠤᠬᠠᠢ ᠵᠣᠬᠢᠶᠠᠭᠴᠢ ᠶᠢᠨ ᠦᠵᠡᠯᠲᠡ ᠪᠡᠨ ᠶᠠᠷᠢᠪᠠ ᠃ ︽ ᠰᠧ ᠪᠦ ᠽᠦᠩ ᠺᠠᠨ ︵四部丛刊 ︶ ︾ ᠪᠠ ︽ ᠶᠧ ᠳ᠋ᠧ ᠬᠦᠢ ︵叶德辉 ︶ ︾ ᠶᠢᠨ ᠪᠠᠷ ᠬᠡᠪᠯᠡᠯ ᠦᠨ214 ᠳ᠋ᠤᠭᠡᠷ ᠵᠦᠢᠯ ᠪᠠ215 ᠳ᠋ᠤᠭᠠᠷ ᠵᠦᠢᠯ ᠳᠦ ᠠᠳᠠᠯᠢᠬᠠᠨ ᠨᠢᠭᠡᠨ ᠠᠭᠤᠯᠭ᠎ᠠ ᠬᠣᠶᠠᠷ ᠤᠳᠠᠭ᠎ᠠ ᠳᠠᠪᠲᠠᠭᠳᠠᠵᠤ ᠭᠠᠷᠳᠠᠭ ᠪᠣᠯᠪᠠᠴᠤ ᠠᠷᠪᠠᠨ ᠲᠠᠪᠤᠨ ᠪᠦᠯᠦᠭᠲᠦ ︽ ᠮᠣᠩᠭᠤᠯ ᠤ᠋ᠨ ᠨᠢᠭᠤᠴᠠ ᠲᠣᠪᠴᠢᠶᠠᠨ ︾ ᠤ ᠬᠡᠪᠯᠡᠯ ᠳᠦ ᠡᠨᠡ ᠥᠭᠦᠯᠡᠪᠦᠷᠢ215 ᠳ᠋ᠤᠭᠠᠷ ᠵᠦᠢᠯ ᠳᠦ ᠨᠢᠭᠡ ᠯᠡ ᠤᠳᠠᠭ᠎ᠠ ᠲᠣᠬᠢᠶᠠᠯᠳᠤᠬᠤ ᠪᠥᠭᠡᠳ ᠲᠡᠷᠡ ᠨᠢ ᠲᠤᠰ ᠲᠤ ᠪᠠᠨ ᠪᠡᠶ᠎ᠡ ᠪᠡᠨ ᠳᠠᠭᠠᠭᠠᠵᠤ ᠂ ᠨᠢᠭᠡᠨ ᠵᠦᠢᠯ ᠪᠣᠯᠵᠤ ᠭᠠᠷᠳᠠᠭ ᠪᠠᠢᠨ᠎ᠠ ᠃ ᠯᠣᠪᠰᠠᠩᠳᠠᠨᠵᠢᠨ ᠤ ︽ ᠠᠯᠲᠠᠨ ᠲᠣᠪᠴᠢ ︾ ᠳᠤ ᠳᠡᠭᠡᠷᠡᠬᠢ ᠠᠭᠤᠯᠭ᠎ᠠ ᠮᠥᠨ ᠨᠢᠭᠡ ᠯᠠ ᠤᠳᠠᠭ᠎ᠠ ᠲᠣᠬᠢᠶᠠᠯᠳᠤᠨ᠎ᠠ ᠃ ᠮᠢᠨᠤ ᠦᠵᠡᠬᠦ ᠪᠡᠷ ᠂ ︽ ᠮᠣᠩᠭᠤᠯ ᠤ᠋ᠨ ᠨᠢᠭᠤᠴᠠ ᠲᠣᠪᠴᠢᠶᠠᠨ ︾ ᠤ ᠤᠤᠭᠠᠨ ᠡᠬᠡ ᠳᠦ ᠡᠨᠡ ᠥᠭᠦᠯᠡᠪᠦᠷᠢ ᠨᠢᠭᠡ ᠯᠡ ᠤᠳᠠᠭ᠎ᠠ ᠭᠠᠷᠬᠤ ᠶᠣᠰᠣᠲᠠᠢ ᠪᠠᠢᠲᠠᠯ᠎ᠠ ᠬᠢᠲᠠᠳ ᠦᠰᠦᠭ ᠢᠶᠡᠷ ᠠᠪᠢᠶᠠᠴᠢᠯᠠᠨ ᠪᠢᠴᠢᠭᠰᠡᠨ ᠵᠠᠷᠢᠮ ᠪᠠᠷ ᠬᠡᠪᠯᠡᠯ ᠳᠦ ᠲᠡᠭᠦᠨ ᠢ ᠬᠣᠶᠠᠷᠲᠠ ᠳᠠᠪᠲᠠᠬᠤ ᠪᠣᠯᠤᠭᠰᠠᠨ ᠨᠢ ᠮᠢᠩ ᠤᠯᠤᠰ ᠤᠨ ᠦᠶ᠎ᠡ ᠶᠢᠨ ᠬᠢᠲᠠᠳᠴᠢᠯᠠᠭ᠎ᠠ ᠵᠢᠴᠢ ᠪᠣᠳᠢ ᠂ ᠵᠦᠢᠯ ᠬᠤᠪᠢᠶᠠᠬᠤ ᠠᠵᠢᠯ ᠤᠨ ᠳᠤᠮᠳᠠ ᠭᠠᠷᠤᠭᠰᠠᠨ ᠰᠠᠨᠠᠮᠰᠠᠷ ᠦᠭᠡᠢ ᠲᠠᠰᠢᠶᠠᠷᠠᠯ ᠪᠣᠯᠤᠨ᠎ᠠ ᠃