ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠯ ᠬᠡᠯᠡᠨ ᠦ ᠰᠢᠨᠵᠢᠯᠡᠭᠡᠨ ᠳᠡᠬᠢ ︽ᠡᠷᠰᠦ~ ᠰᠠᠭᠠᠷᠮᠠᠭ︾ ᠭᠡᠳᠡᠭ ᠨᠡᠷ᠎ᠡ ᠶ᠋ᠢᠨ ᠲᠤᠬᠠᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200505
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠪᠠᠶᠠᠨᠴᠣᠭᠲᠤ
ᠵᠠᠩᠭᠢᠯᠠᠭ᠎ᠠ ᠦᠭᠡ᠄ ᠠᠪᠢᠶ᠎ᠠ ᠵᠦᠢ ︔ ᠡᠭᠡᠰᠢᠭ ᠦ᠋ᠨ ᠠᠩᠭᠢᠯᠠᠯ ︔ ︽ ᠡᠷᠰᠦ ~ ᠰᠠᠭᠠᠷᠮᠠᠭ ᠭᠡᠳᠡᠭ ᠨᠡᠷ᠎ᠡ ᠶᠢᠨ ᠲᠤᠬᠠᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳᠦ ︽ ᠡᠷᠰᠦ ~ ᠰᠠᠭᠠᠷᠮᠠᠭ ︾ ︵ ᠦᠰᠦᠭ ~ ᠡᠭᠡᠰᠢᠭ︶ ᠭᠡᠳᠡᠭ ᠨᠡᠷ᠎ᠡ ᠶᠢᠨ ᠲᠤᠬᠠᠢ ᠡᠷᠳᠡᠮᠲᠡᠳ ᠦᠨ ᠣᠯᠠᠨ ᠵᠦᠢᠯ ᠦᠨ ᠠᠳᠠᠯᠢ ᠪᠤᠰᠤ ᠲᠠᠢᠯᠪᠤᠷᠢ ᠳ᠋ᠤ᠌ ᠴᠢᠭᠯᠡᠭᠦᠯᠦᠨ ᠂ ᠵᠣᠬᠢᠶᠠᠭᠴᠢ ᠶᠢᠨ ᠣᠶᠢᠯᠠᠭᠠᠯᠲᠠ ᠪᠠ ᠵᠥᠪᠳᠡᠬᠦ ᠰᠠᠨᠠᠯ ᠢᠶᠠᠨ ᠳᠣᠣᠷᠠᠬᠢ ᠮᠡᠲᠦ ᠬᠡᠳᠦᠨ ᠲᠠᠯ᠎ᠠ ᠪᠠᠷ ᠥᠭᠦᠯᠡᠵᠦ ᠲᠠᠢᠯᠪᠤᠷᠢᠯᠠᠭᠰᠠᠨ ᠪᠠᠢᠨ᠎ᠠ ᠃ 1.ᠮᠣᠩᠭᠤᠯ ᠬᠡᠯᠡᠨ ᠦ ᠴᠢᠩᠭ᠎ᠠ ᠪᠠ ᠬᠥᠨᠳᠡᠢ ᠭᠡᠳᠡᠭ ᠨᠡᠷ᠎ᠡ ᠶᠢ ᠬᠡᠯᠡᠨ ᠦ ᠠᠪᠢᠶᠠᠨ ᠤ ᠹᠢᠽᠢᠺ ᠦᠨ ᠰᠢᠨᠵᠢ ᠶᠢᠨ ᠴᠢᠩᠭ᠎ᠠ ᠪᠠ ᠰᠤᠯᠠ ᠲᠠᠢ ᠠᠳᠠᠯᠢ ᠪᠠᠷ ᠣᠢᠯᠭᠠᠭᠠᠳ ︽ ᠡᠷᠰᠦ ~ ᠰᠠᠭᠠᠷᠮᠠᠭ ︾ ᠦᠰᠦᠭ ︵ ᠪᠤᠶᠤ ᠡᠭᠡᠰᠢᠭ︶ ᠦᠨ ᠳᠠᠭᠤᠳᠠᠯᠭ᠎ᠠ ᠶᠢ ︽ ᠳᠤᠮᠳᠠᠴᠢ ︾ ᠪᠤᠶᠤ ︽ ᠳᠤᠮᠳᠠ ᠵᠡᠷᠭᠡ ︾ ᠭᠡᠳᠡᠭ ᠨᠢ ᠮᠣᠩᠭᠤᠯ ᠦᠰᠦᠭ ᠪᠤᠶᠤ ᠮᠣᠩᠭᠤᠯ ᠬᠡᠯᠡᠨ ᠦ ᠡᠭᠡᠰᠢᠭ ᠦ᠋ᠨ ᠳᠠᠭᠤᠳᠠᠯᠭ᠎ᠠ ᠲᠠᠢ ᠡᠷᠡᠰ ᠲᠣᠬᠢᠷᠠᠬᠤ ᠦᠭᠡᠢ ᠃2. ᠬᠡᠯᠡᠨ ᠦ ᠪᠠᠢᠷᠢ ᠶ᠋ᠢᠨ ᠲᠠᠯ᠎ᠠ ᠪᠠᠷ ᠂ ᠴᠢᠩᠭ᠎ᠠ ᠪᠣᠯᠤᠨ ᠬᠥᠨᠳᠡᠢ ᠡᠭᠡᠰᠢᠭ ᠡᠴᠡ ᠢᠯᠭᠠᠭᠳᠠᠬᠤ ︽ ᠡᠷᠰᠦ ~ ᠰᠠᠭᠠᠷᠮᠠᠭ ︾ ᠡᠭᠡᠰᠢᠭ ᠭᠡᠵᠦ ᠦᠭᠡᠢ ᠃3. ᠥᠭᠦᠯᠡᠬᠦ ᠡᠷᠬᠡᠲᠡᠨ ᠦ ᠪᠤᠯᠴᠢᠩ ᠤᠨ ᠴᠢᠩᠭᠠᠷᠠᠯᠲᠠ ᠶᠢᠨ ᠪᠠᠢᠳᠠᠯ ᠢ᠋ᠶ᠋ᠠᠷ ᠂ ᠮᠣᠩᠭᠤᠯ ᠬᠡᠯᠡᠨ ᠦ ᠡᠭᠡᠰᠢᠭ ᠨᠢ ᠴᠢᠩᠭ᠎ᠠ ᠡᠭᠡᠰᠢᠭ ᠪᠣᠯᠤᠨ ᠬᠥᠨᠳᠡᠢ ᠡᠭᠡᠰᠢᠭ ᠭᠡᠵᠦ ᠬᠣᠶᠠᠷᠬᠠᠨ ᠲᠥᠷᠦᠯ ᠪᠣᠯᠳᠠᠭ ᠃ ᠵᠠᠪᠰᠠᠷ ᠤᠨ ᠰᠢᠨᠵᠢᠲᠡᠢ ᠴᠢᠩᠭᠠᠷᠠᠯᠲᠠ ᠭᠡᠵᠦ ᠦᠭᠡᠢ ᠪᠣᠯᠬᠣᠷ ᠂ ᠴᠢᠩᠭ᠎ᠠ ᠬᠥᠨᠳᠡᠢ ᠡᠭᠡᠰᠢᠭ ᠡᠴᠡ ᠠᠩᠭᠢᠳᠠ ᠵᠠᠪᠰᠠᠷ ᠤᠨ ᠰᠢᠨᠵᠢᠲᠡᠢ ︽ ᠡᠷᠰᠦ ~ ᠰᠠᠭᠠᠷᠮᠠᠭ ︾ ᠡᠭᠡᠰᠢᠭ ᠭᠡᠵᠦ ᠴᠦ ᠦᠭᠡᠢ ᠃ 4. ᠮᠣᠩᠭᠤᠯ ᠬᠡᠯᠡᠨ ᠦ ︵ ᠪᠢᠴᠢᠭ ᠦᠨ ᠬᠡᠯᠡ ᠪᠠᠭᠲᠠᠨ᠎ᠠ︶ ᠦᠭᠡ ᠶᠢᠨ ᠡᠬᠢᠨ ᠦ ᠦᠶ᠎ᠡ ᠶᠢᠨ ᠡᠭᠡᠰᠢᠭ ᠨᠢ ᠥᠪᠡᠷ ᠦᠨ ᠡᠷᠬᠡ ᠪᠡᠷ ᠢᠶᠡᠨ ᠂ ᠡᠬᠢᠨ ᠦ ᠪᠤᠰᠤ ᠦᠶ᠎ᠡ ᠶᠢᠨ ᠡᠭᠡᠰᠢᠭ ᠢ᠋ ᠰᠣᠩᠭᠤᠵᠤ ᠵᠣᠬᠢᠴᠠᠭᠤᠯᠳᠠᠭ ᠶᠡᠷᠦᠩᠬᠡᠢ ᠶᠣᠰᠤ ᠶ᠋ᠢ ᠦᠨᠳᠦᠰᠦᠯᠡᠪᠡᠯ ᠂ ᠮᠣᠩᠭᠤᠯ ᠬᠡᠯᠡᠨ ᠦ ᠪᠦᠬᠦ ᠡᠭᠡᠰᠢᠭ ᠨᠢ ᠴᠢᠩᠭ᠎ᠠ ᠡᠭᠡᠰᠢᠭ ᠪᠣᠯᠤᠨ ᠬᠥᠨᠳᠡᠢ ᠡᠭᠡᠰᠢᠭ ᠭᠡᠵᠦ ᠬᠣᠶᠠᠷᠬᠠᠨ ᠲᠥᠷᠦᠯ ᠬᠤᠪᠢᠶᠠᠭᠳᠠᠨ᠎ᠠ ᠃ ᠮᠣᠩᠭᠤᠯ ᠬᠡᠯᠡᠨ ᠦ ᠡᠭᠡᠰᠢᠭ ᠵᠣᠬᠢᠴᠠᠬᠤ ᠶᠣᠰᠤᠨ ᠳ᠋ᠤ᠌ ᠵᠠᠪᠰᠠᠷ ᠤᠨ ᠰᠢᠨᠵᠢᠲᠡᠢ ᠰᠠᠭᠠᠷᠮᠠᠭ ᠵᠣᠬᠢᠴᠠᠯ ᠭᠡᠵᠦ ᠦᠭᠡᠢ ᠪᠣᠯᠬᠣᠷ ᠮᠣᠩᠭᠤᠯ ᠬᠡᠯᠡᠨ ᠳᠦ ︽ ᠡᠷᠰᠦ ~ ᠰᠠᠭᠠᠷᠮᠠᠭ ︾ ᠡᠭᠡᠰᠢᠭ ᠭᠡᠵᠦ ᠴᠦ ᠦᠭᠡᠢ ᠃ 5. ᠮᠣᠩᠭᠤᠯ ᠬᠡᠯᠡ ᠠᠶᠠᠯᠭᠤᠨ ᠳᠤ ᠶᠡᠷᠦ ᠨᠢ ︽ ᠰᠠᠭᠠᠷᠮᠠᠭ ᠡᠭᠡᠰᠢᠭ ︾ ᠭᠡᠵᠦ ᠦᠭᠡᠢ ᠃ ᠳᠡᠭᠡᠷ᠎ᠡ ᠦᠶ᠎ᠡ ᠶᠢᠨ ᠰᠢᠨᠵᠢᠯᠡᠭᠡᠨ ᠦ ᠵᠣᠬᠢᠶᠠᠯ ᠳᠤ ︽ ᠡᠷᠰᠦ ~ ᠰᠠᠭᠠᠷᠮᠠᠭ ︾ ︵ ᠦᠰᠦᠭ︶ ᠭᠡᠳᠡᠭ ᠨᠡᠷ᠎ᠡ ᠶᠢ ᠳᠤᠷᠠᠳᠤᠭᠰᠠᠨ ᠪᠣᠯᠪᠠᠴᠤ ᠨᠡᠷ᠎ᠡ ᠶᠢᠨ ᠳᠣᠲᠤᠷ᠎ᠠ ᠴᠢᠩᠭ᠎ᠠ ᠪᠠ ᠬᠥᠨᠳᠡᠢ ᠶᠢᠨ ᠡᠷᠬᠡ ᠪᠡᠷ ᠤᠷᠪᠠᠵᠤ ᠬᠤᠪᠢᠯᠳᠠᠭ ᠪᠣᠯᠬᠣᠷ ᠴᠢᠩᠭ᠎ᠠ ᠬᠥᠨᠳᠡᠢ ᠶᠢᠨ ᠢᠯᠭᠠᠭ᠎ᠠ ᠪᠠᠷ ︽ ᠡᠷ᠎ᠡ ᠡᠷᠰᠦ ︾ ᠂ ︽ ᠡᠮ᠎ᠡ ᠡᠷᠰᠦ ︾ ᠭᠡᠵᠦ ᠢᠯᠭᠠᠨ ᠨᠡᠷᠡᠯᠡᠭᠰᠡᠨ ᠡᠴᠡ ᠦᠵᠡᠪᠡᠯ ᠡᠷᠳᠡᠮᠲᠡᠳ ᠡᠴᠡ ᠴᠢᠩᠭ᠎ᠠ ᠬᠥᠨᠳᠡᠢ ᠶᠢᠨ ᠵᠠᠪᠰᠠᠷ ᠤᠨ ᠰᠢᠨᠵᠢᠲᠡᠢ ᠵᠢᠩᠬᠢᠨᠢ ︽ ᠡᠷᠰᠦ ~ ᠰᠠᠭᠠᠷᠮᠠᠭ ︾ ᠦᠰᠦᠭ ᠪᠠᠢᠨ᠎ᠠ ᠭᠡᠵᠦ ᠦᠵᠡᠭᠡ ᠦᠭᠡᠢ ᠃ ᠡᠢᠮᠦ ᠡᠴᠡ ᠂ ᠪᠢᠳᠡ ︽ ᠡᠷᠰᠦ ~ ᠰᠠᠭᠠᠷᠮᠠᠭ ︾ ᠭᠡᠳᠡᠭ ᠨᠡᠷ᠎ᠡ ᠶᠢ ᠮᠣᠩᠭᠤᠯ ᠦᠰᠦᠭ ᠦᠨ ᠰᠢᠨᠵᠢᠯᠡᠭᠡᠨ ᠳᠡᠬᠢ ᠲᠡᠦᠬᠡᠨ ᠨᠡᠷ᠎ᠡ ᠭᠡᠵᠦ ᠦᠵᠡᠭᠡᠳ ᠂ ᠣᠳᠣ ᠶᠢᠨ ᠮᠣᠩᠭᠤᠯ ᠬᠡᠯᠡ ᠠᠶᠠᠯᠭᠤᠨ ᠤ ᠰᠢᠨᠵᠢᠯᠡᠭᠡᠨ ᠳᠦ ᠬᠡᠷᠡᠭᠯᠡᠬᠦ ᠦᠭᠡᠢ ᠪᠣᠯ ᠵᠣᠬᠢᠨ᠎ᠠ ᠃ 6. ᠡᠭᠡᠰᠢᠭ ᠵᠣᠬᠢᠴᠠᠬᠤ ᠪᠠᠢᠳᠠᠯ ᠢ᠋ᠶ᠋ᠠᠷ ᠂ ᠪᠢᠴᠢᠭ ᠦᠨ ᠬᠡᠯᠡᠨ ᠳᠦ ᠰᠠᠭᠠᠷᠮᠠᠭ ︽ ᠢ ︾ ᠭᠡᠵᠦ ᠦᠭᠡᠢ ᠪᠣᠯᠬᠣᠷ ᠂ ᠪᠢᠴᠢᠭ ᠦᠨ ᠬᠡᠯᠡᠨ ᠦ ︽ ᠢ ︾ ᠳᠦ ᠭᠠᠯᠢᠭ ᠬᠠᠳᠠᠬᠤ ᠳᠠᠭᠠᠨ ᠴᠢᠩᠭ᠎ᠠ ᠦᠭᠡᠨ ᠳᠦ ︽i ~I ︾  ᠢᠶᠡᠷ᠂ ᠬᠥᠨᠳᠡᠢ ᠦᠭᠡᠨ ᠳᠦ ︽i ︾ ᠢᠶᠡᠷ ᠲᠤᠰ ᠲᠤᠰ ᠭᠠᠯᠢᠭᠯᠠᠪᠠᠯ ᠵᠣᠬᠢᠨ᠎ᠠ ᠃