ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠯ ᠪᠢᠴᠢᠭ ᠦᠨ ᠵᠥᠪ ᠪᠢᠴᠢᠬᠦ ᠳᠦᠷᠢᠮ ᠢᠶᠡᠷ ᠮᠣᠩᠭᠤᠯ ᠬᠡᠯᠡᠨ ᠦ ᠬᠡᠪ ᠰᠢᠨᠵᠢ ᠶᠢ ᠲᠣᠳᠤᠷᠬᠠᠢᠯᠠᠬᠤ ᠪᠣᠯᠤᠮᠵᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201101
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ﹇ ᠮᠣᠩᠭᠤᠯ ﹈ ᠱ· ᠴᠣᠢᠮ᠎ᠠ
ᠵᠠᠩᠭᠢᠯᠠᠭ᠎ᠠ ᠦᠭᠡ᠄ ᠮᠣᠩᠭᠣᠯ ᠪᠢᠴᠢᠭ ᠦᠨ ᠵᠥᠪ ᠪᠢᠴᠢᠬᠦ ᠳᠦᠷᠢᠮ ︔ ᠮᠣᠩᠭᠣᠯ ᠬᠡᠯᠡ ︔ ᠬᠡᠪ ᠰᠢᠨᠵᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠮᠣᠩᠭᠣᠯᠴᠤᠳ ᠮᠢᠩᠭᠠᠨ ᠵᠢᠯ ᠦᠨ ᠲᠡᠷᠲᠡᠭᠡ ᠡᠴᠡ ᠡᠬᠡ ᠬᠡᠯᠡᠨ ‍ᠣ ᠪᠠᠨ ᠵᠦᠢ ᠲᠣᠭᠲᠠᠯ ᠂ ᠬᠡᠪ ᠰᠢᠨᠵᠢ ᠳ᠋ᠦ᠍ ᠭᠣᠢᠳᠠ ᠵᠣᠬᠢᠴᠠᠭᠰᠠᠨ ᠂ ᠠᠪᠢᠶᠠᠯᠠᠪᠤᠷᠢ ᠵᠦᠢ ᠶᠢᠨ ᠪᠣᠯᠣᠨ ᠦᠭᠡ ᠵᠦᠢ ᠶᠢᠨ ᠵᠠᠷᠴᠢᠮ ᠢ ᠲᠤᠩ ᠣᠨᠤᠪᠴᠢᠲᠠᠢ ᠬᠣᠣᠰᠯᠠᠭᠤᠯᠤᠭᠰᠠᠨ ᠵᠥᠪ ᠪᠢᠴᠢᠬᠦ ᠳᠦᠷᠢᠮ ᠢ ᠪᠣᠯᠪᠠᠰᠤᠷᠠᠭᠤᠯᠵᠤ ᠴᠢᠳᠠᠭᠰᠠᠨ ᠪᠥᠭᠡᠳ ᠣᠯᠠᠨ ᠵᠠᠭᠤᠨ ᠵᠢᠯ ᠦᠨ ᠲᠤᠷᠰᠢ ᠲᠡᠭᠦᠨ ᠢᠶᠡᠨ ᠲᠣᠭᠲᠠᠪᠤᠷᠢᠲᠠᠢ ᠤᠯᠠᠮᠵᠢᠯᠠᠨ ᠬᠡᠷᠡᠭᠯᠡᠭᠰᠡᠭᠡᠷ ᠢᠷᠡᠵᠡᠢ ᠃ ᠮᠣᠩᠭᠣᠯ ᠪᠢᠴᠢᠭ ᠦᠨ ᠵᠥᠪ ᠪᠢᠴᠢᠬᠦ ᠳᠦᠷᠢᠮ ᠢᠶᠡᠷ ᠵᠥᠪ ᠪᠢᠴᠢᠭᠰᠡᠨ ᠦᠭᠡᠰ ᠢ ᠦᠭᠡ ᠶᠢᠨ ᠤᠳᠭᠠᠲᠤ ᠬᠡᠰᠡᠭ ᠪᠤᠶᠤ ᠪᠦᠲᠦᠭᠡᠪᠦᠷᠢ ᠪᠡᠷ ᠨᠢ ᠵᠠᠳᠠᠯᠵᠤ ᠦᠵᠡᠪᠡᠯ ᠂ ᠮᠣᠩᠭᠣᠯ ᠦᠭᠡ ᠶᠢᠨ ᠭᠠᠷᠤᠯ ᠂ ᠮᠣᠩᠭᠣᠯ ᠬᠡᠯᠡᠨ ‍ᠣ ᠢᠵᠠᠭᠤᠷ ᠪᠣᠯᠣᠨ ᠵᠠᠯᠭᠠᠪᠤᠷᠢ ᠪᠦᠲᠦᠭᠡᠪᠦᠷᠢ ᠶᠢ ᠲᠣᠪ ᠲᠣᠳᠤᠷᠬᠠᠢ ᠬᠠᠷᠠᠵᠤ ᠪᠣᠯᠳᠠᠭ ᠣᠨᠴᠠᠯᠢᠭ ᠲᠠᠢ ᠃ ᠦᠭᠡ ᠶᠢᠨ ᠢᠵᠠᠭᠤᠷ ᠠᠴᠠ ᠦᠭᠡᠰ ᠦᠨ ᠤᠳᠭ᠎ᠠ ᠶ᠋ᠢ ᠲᠣᠳᠤᠯᠠᠬᠤ ᠂ ᠳᠠᠭᠠᠪᠤᠷᠢ ᠂ ᠨᠥᠬᠥᠴᠡᠯ ᠪᠤᠶᠤ ᠵᠠᠯᠭᠠᠪᠤᠷᠢ ᠪᠦᠲᠦᠭᠡᠪᠦᠷᠢ ᠶᠢᠨ ᠬᠡᠪ ᠬᠡᠯᠪᠡᠷᠢ ᠂ ᠲᠣᠭᠲᠠᠭᠰᠠᠨ ᠪᠢᠴᠢᠯᠭᠡ ᠂ ᠤᠷᠲᠤ ᠡᠭᠡᠰᠢᠭ ᠦᠨ ᠭᠠᠷᠤᠯ ᠡᠭᠦᠰᠦᠯ ᠵᠡᠷᠭᠡ ᠲᠠᠯ᠎ᠠ ᠠᠴᠠ ᠮᠣᠩᠭᠣᠯ ᠪᠢᠴᠢᠭ ᠦᠨ ᠵᠥᠪ ᠪᠢᠴᠢᠬᠦ ᠳᠦᠷᠢᠮ ᠢᠶᠡᠷ ᠮᠣᠩᠭᠣᠯ ᠬᠡᠯᠡᠨ ‍ᠣ ᠦᠭᠡ ᠶᠢᠨ ᠪᠦᠲᠦᠴᠡ ᠶᠢ ᠬᠡᠷᠬᠢᠨ ᠲᠣᠳᠤᠷᠠᠭᠤᠯᠵᠤ ᠪᠣᠯᠬᠤ ᠪᠣᠯᠤᠮᠵᠢ ᠶ᠋ᠢ ᠪᠣᠳᠠᠲᠤ ᠵᠢᠱ᠌ᠢᠶ᠎ᠡ ᠪᠠᠷᠢᠮᠲᠠ ᠳ᠋ᠤ᠌ ᠲᠤᠯᠭᠠᠭᠤᠷᠢᠯᠠᠨ ᠲᠣᠭᠠᠴᠢᠵᠤ ᠪᠣᠯᠣᠨ᠎ᠠ ᠃