ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠠᠢᠴᠢᠨ ᠳ᠋ᠤ᠌ ᠬᠡᠷᠪᠢᠭᠳᠡᠭᠰᠡᠨ ᠬᠠᠢᠷ᠎ᠠ ᠶ᠋ᠢᠨ ᠭᠣᠮᠣᠳᠠᠭᠤ︽ ᠵᠣᠨᠣᠩ ᠬᠠᠷ᠎ᠠ ᠶᠢᠨ ᠪᠦᠳᠦᠷᠢᠭᠡᠰᠦ︾︱ ᠴᠤᠭᠤᠷ ᠤᠨ ᠳᠣᠮᠤᠭ ᠤᠨ ᠰᠤᠳᠤᠯᠤᠯ︵ ᠬᠣᠶᠠᠷ︶

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201003
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠡᠭᠦᠰᠪᠠᠶᠠᠷ
ᠵᠠᠩᠭᠢᠯᠠᠭ᠎ᠠ ᠦᠭᠡ᠄ ᠴᠤᠭᠤᠷ ᠤᠨ ᠳᠣᠮᠤᠭ ︔ ︽ ᠵᠣᠨᠣᠩ ᠬᠠᠷ᠎ᠠ ︾ ︔ ᠠᠷᠠᠳ ᠤᠨ ᠳᠠᠭᠤᠤ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠭᠠᠳᠠᠭᠠᠳᠤ ᠶᠢᠨ ᠵᠢᠭᠤᠯᠴᠢᠨ ᠬᠠᠰᠯᠤᠨᠳᠠ ᠶᠢᠨ ᠬᠣᠷᠢᠳᠤᠭᠠᠷ ᠵᠠᠭᠤᠨ ‍ᠣ ᠭᠤᠴᠢᠨ ᠬᠡᠳᠦᠨ ᠣᠨ ᠳ᠋ᠤ᠌ ᠴᠠᠬᠠᠷ ᠤᠨ ᠨᠢᠭᠡ ᠡᠪᠦᠭᠡᠨ ᠡᠴᠡ ᠰᠣᠨᠤᠰᠴᠤ ᠲᠡᠮᠳᠡᠭᠯᠡᠭᠰᠡᠨ ︽ ᠴᠤᠭᠤᠷ ᠤᠨ ᠡᠭᠦᠰᠦᠯ ᠦᠨ ᠳᠣᠮᠤᠭ ︾ ︵ ︽ ᠵᠣᠨᠣᠩ ᠬᠠᠷ᠎ᠠ ᠶᠢᠨ ᠳᠣᠮᠤᠭ ︾ ︶ ᠪᠠ ᠥᠪᠥᠷ ᠮᠣᠩᠭᠣᠯ ᠤᠨ ᠰᠢᠯᠢ ᠶᠢᠨ ᠭᠣᠣᠯ ᠂ ᠪᠠᠶᠠᠨᠨᠠᠭᠤᠷ ︵ ᠤᠷᠠᠳ ︶ ᠢᠶᠠᠷ ᠤᠯᠠᠮᠵᠢᠯᠠᠭᠳᠠᠵᠤ ᠪᠠᠢᠭᠰᠠᠨ ︽ ᠵᠣᠨᠣᠩ ᠬᠠᠷ᠎ᠠ ︾ ᠭᠡᠳᠡᠭ ᠳᠠᠭᠤᠤ ᠶᠢ ᠨᠠᠷᠢᠨ ᠲᠠᠨᠢᠯᠴᠠᠭᠤᠯᠵᠤ ᠂ ᠳᠠᠭᠤᠤ ᠪᠠ ᠳᠣᠮᠤᠭ ᠨᠢ ᠬᠦᠯᠦᠭ ᠦ᠋ᠨ ᠨᠡᠷ᠎ᠡ ᠪᠠ ᠢᠨᠠᠭ ᠤᠨ ᠦᠢᠯᠡ ᠪᠡᠷ ᠢᠶᠡᠨ ᠬᠣᠯᠪᠤᠭᠳᠠᠵᠤ ᠪᠠᠢᠬᠤ ᠶ᠋ᠢ ᠲᠣᠳᠤᠯᠠᠪᠠ ᠃ ᠡᠭᠦᠨ ᠳ᠋ᠦ᠍ ᠂ ︽ ᠵᠣᠨᠣᠩ ︾ ︵jonung ︶ ᠪᠣᠯ ᠳᠣᠮᠤᠭ ᠪᠠ ᠳᠠᠭᠤᠤ ᠳ᠋ᠤ᠌ ᠴᠥᠮ ᠭᠠᠷᠴᠤ ᠪᠠᠢᠭ᠎ᠠ ᠬᠦᠯᠦᠭ ᠦ᠋ᠨ ᠨᠡᠷ᠎ᠡ ᠶᠤᠮ ᠃ ᠲᠡᠷᠡ ᠨᠢ ᠲᠤᠬᠠᠢ ᠶᠢᠨ ᠳᠣᠮᠤᠭ ᠪᠠ ᠳᠠᠭᠤᠤ ᠶᠢ ᠭᠦᠨ ᠣᠢᠯᠭᠠᠬᠤ ᠳ᠋ᠤ᠌ ︽ ᠣᠨᠢᠰᠤ ︾ ᠪᠣᠯᠬᠤ ᠲᠤᠯᠠ ᠲᠤᠰ ᠥᠭᠦᠯᠡᠯ ᠳ᠋ᠦ᠍ ᠲᠡᠭᠦᠨ ‍ᠣ ᠦᠭᠡ ᠶᠢᠨ ᠲᠠᠢᠯᠪᠤᠷᠢ ᠶ᠋ᠢ ᠠᠯᠲᠠᠢ ᠢᠵᠠᠭᠤᠷ ᠤᠨ ᠮᠠᠨᠵᠤ ᠵᠡᠷᠭᠡ ᠬᠡᠯᠡᠨ ᠡᠴᠡ ᠬᠠᠢᠵᠤ ᠦᠵᠡᠪᠡ ᠃ ᠬᠠᠰᠯᠤᠨᠳᠠ ᠶᠢᠨ ᠲᠡᠮᠳᠡᠭᠯᠡᠭᠰᠡᠨ ᠲᠤᠬᠠᠢ ᠶᠢᠨ ᠳᠣᠮᠤᠭ ᠨᠢ ᠴᠤᠭᠤᠷ ᠤᠨ ᠡᠭᠦᠰᠦᠯ ᠦᠨ ᠳᠣᠮᠤᠭ ᠪᠣᠯᠬᠤ ᠮᠥᠷᠲᠡᠭᠡᠨ ᠮᠣᠩᠭᠣᠯ ᠤᠨ ︽ ᠠᠩᠬᠠᠨ ‍ᠣ ᠳᠠᠭᠤᠤ ︾ ᠶᠢ ᠶᠠᠷᠢᠭᠰᠠᠨ ᠳᠠᠭᠤᠤ ᠶᠢᠨ ᠡᠭᠦᠰᠦᠯ ᠦᠨ ᠳᠣᠮᠤᠭ ᠴᠦ᠍ ᠪᠣᠯᠳᠠᠭ ᠃ ᠡᠭᠦᠨ ᠳ᠋ᠦ᠍ ᠳᠣᠮᠤᠭ ᠲᠤ᠌ ᠶᠠᠷᠢᠭᠰᠠᠨ ᠲᠡᠷᠡ ᠬᠦ᠌ ︽ ᠠᠩᠬᠠᠨ ‍ᠣ ᠳᠠᠭᠤᠤ ︾ ᠨᠢ ᠠᠷᠠᠳ ᠤᠨ ᠳᠠᠭᠤᠤ ︽ ᠵᠣᠨᠣᠩ ᠬᠠᠷ᠎ᠠ ︾ ᠯᠤᠭ᠎ᠠ ᠬᠣᠯᠪᠤᠭ᠎ᠠ ᠲᠠᠢ ᠪᠣᠯᠵᠤ ᠪᠠᠢᠨ᠎ᠠ ᠃