ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠴᠢᠩᠭᠢᠰ ᠬᠠᠭᠠᠨ ‍ᠣ ᠪᠢᠯᠢᠭ ᠦᠨ ᠠᠭᠤᠯᠭ᠎ᠠ ᠪᠠ ᠰᠢᠨᠵᠢ ᠴᠢᠨᠠᠷ ᠤᠨ ᠲᠤᠬᠠᠢ︱︽ ᠲᠡᠦᠬᠡᠰ ᠦᠨ ᠴᠢᠭᠤᠯᠭᠠᠨ︾ ᠳᠠᠬᠢ ᠪᠢᠯᠢᠭ᠌ ᠦᠨ ᠲᠤᠬᠠᠢ ᠲᠡᠮᠳᠡᠭᠯᠡᠯ ᠦᠳ ᠢ ᠵᠠᠳᠠᠯᠤᠨ ᠰᠢᠨᠵᠢᠯᠡᠬᠦ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201002
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠴᠣᠭᠲᠤ
ᠵᠠᠩᠭᠢᠯᠠᠭ᠎ᠠ ᠦᠭᠡ᠄ ᠪᠢᠯᠢᠭ ︔ ᠪᠢᠯᠢᠭ ᠰᠤᠷᠭᠠᠯ ︔ ᠰᠤᠷᠭᠠᠯ ᠰᠢᠯᠦᠭ ︔ ᠴᠢᠩᠭᠢᠰ ᠬᠠᠭᠠᠨ ‍ᠣ ᠵᠠᠰᠠᠭ ᠪᠠ ᠪᠢᠯᠢᠭ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ 2008 ᠣᠨ ‍ᠣ ᠰᠤᠷᠭᠠᠨ ᠬᠥᠮᠦᠵᠢᠯ ᠦ᠋ᠨ ᠶᠠᠮᠤᠨ ‍ᠣ ᠨᠡᠢᠭᠡᠮ ᠦ᠋ᠨ ᠰᠢᠨᠵᠢᠯᠡᠬᠦ ᠤᠬᠠᠭᠠᠨ ‍ᠣ ᠰᠤᠳᠤᠯᠭᠠᠨ ‍ᠣ ᠰᠡᠳᠦᠪ ᠪᠣᠯᠬᠤ ︽ ᠠᠷᠠᠰᠢᠳ᠋ᠳᠢᠨ ‍ᠣ ︿ ᠲᠡᠦᠬᠡᠰ ᠦᠨ ᠴᠢᠭᠤᠯᠭᠠᠨ ﹀ ‍ᠣ ᠰᠤᠳᠤᠯᠤᠯ ︾ ᠤᠨ ᠳᠣᠲᠤᠷᠠᠬᠢ ᠨᠢᠭᠡ ᠬᠡᠰᠡᠭ ᠠᠭᠤᠯᠭ᠎ᠠ ᠪᠣᠯᠬᠤ ᠶᠤᠮ ᠃ ᠵᠥᠪᠰᠢᠶᠡᠷᠡᠭᠰᠡᠨ ᠨᠣᠮᠧᠷ ᠄ 08JA770022 ᠃
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠠᠷᠠᠰᠢᠳ᠋ᠳᠢᠨ ‍ᠣ ︽ ᠲᠡᠦᠬᠡᠰ ᠦᠨ ᠴᠢᠭᠤᠯᠭᠠᠨ ︾ ᠲᠡᠮᠳᠡᠭᠯᠡᠭᠳᠡᠵᠦ ᠪᠠᠢᠭ᠎ᠠ ᠪᠢᠯᠢᠭ ᠦᠨ ᠲᠤᠬᠠᠢ ᠲᠡᠮᠳᠡᠭᠯᠡᠯ ᠦᠳ ᠢ ᠬᠤᠷᠢᠶᠠᠩᠭᠤᠢᠯᠠᠨ ᠦᠵᠡᠬᠦ ᠶᠢᠨ ᠬᠠᠮᠲᠤ ᠵᠠᠳᠠᠯᠤᠨ ᠰᠢᠨᠵᠢᠯᠡᠵᠦ ᠮᠣᠩᠭᠣᠯ ᠬᠠᠭᠠᠨᠲᠤ ᠤᠯᠤᠰ ᠤᠨ ᠦᠶ᠎ᠡ ᠶᠢᠨ ᠪᠢᠯᠢᠭ ᠦᠨ ᠤᠭ ᠲᠥᠷᠬᠦ ᠶᠢ ᠲᠣᠳᠤᠷᠬᠠᠢᠯᠠᠨ ᠭᠠᠷᠭᠠᠬᠤ ᠶᠢ ᠬᠢᠴᠢᠶᠡᠪᠡ ᠃ ᠲᠤᠰ ᠥᠭᠦᠯᠡᠯ ᠳᠡᠬᠢ ᠰᠢᠨᠵᠢᠯᠡᠯ ᠡᠴᠡ ᠦᠵᠡᠪᠡᠯ ᠂ ᠮᠣᠩᠭᠣᠯ ᠬᠠᠭᠠᠨᠲᠤ ᠤᠯᠤᠰ ᠤᠨ ᠦᠶ᠎ᠡ ᠳ᠋ᠦ᠍ ᠪᠢᠯᠢᠭ ᠪᠣᠯ ᠰᠤᠷᠭᠠᠯ ᠰᠢᠯᠦᠭ ᠢ ᠵᠢᠭᠠᠵᠤ ᠪᠠᠢᠭᠰᠠᠨ ᠪᠢᠰᠢ ᠪᠥᠭᠡᠳ ᠬᠤᠷᠠᠯᠲᠠᠢ ᠪᠣᠯᠣᠨ ᠴᠤᠭᠯᠠᠭᠠᠨ ᠳᠡᠭᠡᠷ᠎ᠡ ᠬᠠᠭᠠᠨ ᠪᠤᠶᠤ ᠲᠦᠰᠢᠮᠡᠳ ᠡᠴᠡ ᠬᠠᠮᠲᠤ ᠪᠠᠷ ᠶᠠᠷᠢᠳᠠᠭ ᠣᠷᠤᠨ ᠤᠬᠠᠭᠠᠨ ᠡᠷᠳᠡᠮ ᠪᠢᠯᠢᠭ ᠬᠣᠣᠰᠯᠠᠭᠰᠠᠨ ᠦᠭᠡ ᠶᠠᠷᠢᠶ᠎ᠠ ᠪᠣᠯᠬᠤ ᠨᠢ ᠲᠣᠳᠤᠷᠬᠠᠢ ᠪᠣᠯᠵᠤ ᠪᠠᠢᠨ᠎ᠠ ᠃ ᠪᠢᠯᠢᠭ ᠪᠠ ᠵᠠᠰᠠᠭ ᠪᠣᠯ ᠬᠣᠶᠠᠷ ᠠᠳᠠᠯᠢ ᠪᠤᠰᠤ ᠤᠬᠠᠭᠳᠠᠬᠤᠨ ᠪᠣᠯᠬᠤ ᠪᠥᠭᠡᠳ ᠮᠣᠩᠭᠣᠯ ᠬᠠᠭᠠᠨᠲᠤ ᠤᠯᠤᠰ ᠤᠨ ᠦᠶ᠎ᠡ ᠳ᠋ᠦ᠍ ᠪᠢᠯᠢᠭ ᠦᠨ ᠠᠭᠤᠯᠭ᠎ᠠ ᠶᠢ ᠲᠡᠮᠳᠡᠭᠯᠡᠭᠰᠡᠨ ᠦᠰᠦᠭ ᠪᠢᠴᠢᠭ ᠦᠨ ᠲᠡᠮᠳᠡᠭᠯᠡᠯ ᠣᠷᠤᠰᠢᠵᠤ ᠪᠠᠢᠵᠠᠢ ᠃