ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠠᠷᠤ ᠬᠣᠷᠴᠢᠨ ᠤ ᠴᠠᠭᠠᠨ ᠬᠣᠲᠠ ᠶᠢᠨ ᠪᠠᠭᠤᠷᠢ ᠶᠢᠨ ᠳᠠᠪᠬᠤᠷ ᠬᠠᠭᠠᠯᠭ᠎ᠠ ᠶᠢᠨ ᠤᠯᠠᠮᠵᠢᠯᠠᠯ ᠤᠨ ᠢᠷᠡᠯᠲᠡ- ᠴᠣᠯᠴᠤᠩ ᠤ᠋ᠨ ᠪᠠᠷᠢᠯᠭ᠎ᠠ ᠶᠢᠨ ᠲᠡᠦᠬᠡᠨ ᠵᠠᠯᠭᠠᠯᠴᠠᠭ᠎ᠠ ᠪᠠ ᠮᠣᠩᠭᠤᠯ ᠤ᠋ᠨ ᠬᠣᠲᠠ ᠶᠢᠨ ᠰᠣᠶᠤᠯ ᠤ᠋ᠨ ᠲᠠᠰᠤᠷᠠᠯᠲᠠ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200906
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠡᠭᠦᠰᠪᠠᠶᠠᠷ
ᠵᠠᠩᠭᠢᠯᠠᠭ᠎ᠠ ᠦᠭᠡ᠄ ᠴᠠᠭᠠᠨ ᠬᠣᠲᠠ ︔ ᠴᠣᠯᠴᠤᠩ ︔ ᠮᠣᠩᠭᠤᠯ ᠥᠨᠳᠦᠷᠯᠢᠭ ᠦ᠋ᠨ ᠤᠯᠠᠮᠵᠢᠯᠠᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠠᠷᠤ ᠬᠣᠷᠴᠢᠨ ᠤ ᠴᠠᠭᠠᠨ ᠬᠣᠲᠠ ᠶᠢᠨ ᠪᠠᠭᠤᠷᠢ ᠶᠢᠨ ᠬᠣᠲᠠ ᠶᠢᠨ ᠬᠡᠷᠡᠮ ᠨᠢ ᠳᠠᠪᠬᠤᠷ ᠬᠡᠷᠡᠮ ᠂ ᠳᠠᠪᠬᠤᠷ ᠡᠭᠦᠳᠡ ᠲᠠᠢ ᠪᠠᠢᠳᠠᠭ ᠃ ᠡᠢᠮᠦ ᠬᠡᠯᠪᠡᠷᠢ ᠶᠢᠨ ᠡᠭᠦᠳᠡ ᠶᠢ ᠮᠣᠩᠭᠤᠯ ᠢ᠋ᠶ᠋ᠠᠷ ︽ ᠴᠣᠯᠴᠤᠩ ︾ ᠭᠡᠵᠦ ᠂ ᠬᠢᠲᠠᠳ ᠢᠶᠠᠷ ︽ ᠸᠧᠩ ᠸᠧᠩ︾ ︵瓮城 ︶ᠭᠡᠳᠡᠭ ᠃ ᠴᠣᠯᠴᠤᠩ ᠤ᠋ᠨ ᠪᠠᠷᠢᠯᠭ᠎ᠠ ᠨᠢ5 ᠳ᠋ᠤᠭᠠᠷ ᠵᠠᠭᠤᠨ ᠤ ᠦᠶ᠎ᠡ ᠶᠢᠨ ᠬᠠᠯᠬ᠎ᠠ ᠪᠤᠶᠢᠳᠪᠤᠶᠢᠳ ᠤᠨ ᠪᠠᠢᠭᠤᠯᠤᠭᠰᠠᠨ ᠲᠥᠪ ᠲᠦᠮᠡᠨ ᠬᠣᠲᠠ︵ 统万城︶ ᠶᠢᠨ ᠬᠡᠷᠡᠮ ᠳᠦ ᠠᠩᠬ᠎ᠠ ᠢᠯᠡᠷᠡᠪᠡ ᠃ ᠬᠠᠭᠯᠠᠶᠢᠨ ᠪᠤᠶᠢᠳᠪᠤᠶᠢᠳ ᠪᠣᠯ ᠶᠡᠬᠡ ᠭᠠ ᠤᠯᠤᠰ ᠢ ᠪᠠᠢᠭᠤᠯᠤᠭᠰᠠᠨ ᠬᠤᠩᠨᠤᠤ ᠶᠢᠨ ᠬᠣᠢᠴᠢᠰ ᠮᠥᠨ ᠲᠤᠯᠠ ᠴᠣᠯᠴᠤᠩ ᠤ᠋ᠨ ᠪᠠᠷᠢᠯᠭ᠎ᠠ ᠶᠢᠨ ᠬᠡᠯᠪᠡᠷᠢ ᠨᠢ ᠬᠤᠩᠨᠤᠤ ᠠᠴᠠ ᠭᠠᠷᠤᠯ ᠲᠠᠢ ᠪᠣᠯᠤᠨ᠎ᠠ ᠃ ᠴᠣᠯᠴᠤᠩ ᠤ᠋ᠨ ᠪᠠᠷᠢᠯᠭ᠎ᠠ ᠨᠢ ᠬᠢᠲᠠᠳ ᠤᠨ ᠲᠠᠪᠤᠨ ᠲᠥᠷᠦ ᠂ ᠰᠦᠩ ᠤᠯᠤᠰ ᠤᠨ ᠦᠶ᠎ᠡ ᠳᠦ ᠰᠠᠶᠢ ᠳᠤᠮᠳᠠᠳᠤ ᠬᠢᠵᠠᠭᠠᠷ ︵ 中原︶ ᠲᠤ ᠤᠯᠠᠮᠵᠢᠯᠠᠭᠳᠠᠪᠠ ᠃ ᠮᠣᠩᠭᠤᠯ ᠥᠨᠳᠦᠷᠯᠢᠭ ᠲᠦ᠍ ᠮᠣᠩᠭᠤᠯᠴᠤᠳ ᠲᠡᠭᠦᠨ ᠢ ᠤᠢᠭᠤᠷ᠂ ᠬᠢᠳᠠᠨ ᠢᠶᠠᠷ ᠳᠠᠮᠵᠢᠭᠤᠯᠵᠤ ᠤᠮᠠᠷᠠᠳᠤ ᠶᠤᠸᠠᠨ ᠤᠯᠤᠰ ᠬᠦᠷᠲᠡᠯ᠎ᠡ ᠤᠯᠠᠮᠵᠢᠯᠠᠪᠠ ᠃ ᠯᠢᠭᠳᠡᠨ ᠬᠠᠭᠠᠨ ᠤ ᠨᠡᠢᠰᠯᠡᠯ ᠢ᠋ᠶ᠋ᠡᠷ ᠲᠣᠳᠤᠯᠠᠭᠳᠠᠵᠤ ᠪᠠᠢᠭ᠎ᠠ ᠠᠷᠤ ᠬᠣᠷᠴᠢᠨ ᠤ ᠴᠠᠭᠠᠨ ᠬᠣᠲᠠ ᠶᠢᠨ ᠪᠠᠭᠤᠷᠢ ᠨᠢ ᠮᠣᠩᠭᠤᠯ ᠥᠨᠳᠦᠷᠯᠢᠭ ᠦ᠋ᠨ ᠴᠣᠯᠴᠤᠩ ᠤ᠋ᠨ ᠤᠯᠠᠮᠵᠢᠯᠠᠯ ᠤᠨ ᠲᠡᠦᠬᠡ ᠶᠢᠨ ᠡᠴᠦᠰᠯᠡᠯ ᠪᠠ ᠮᠣᠩᠭᠤᠯᠴᠤᠳ ᠤ᠋ᠨ ᠬᠣᠲᠠ ᠶᠢᠨ ᠰᠣᠶᠤᠯ ᠤ᠋ᠨ ᠤᠯᠠᠮᠵᠢᠯᠠᠯ ᠤᠨ ᠲᠡᠦᠬᠡ ᠶᠢᠨ ᠲᠠᠰᠤᠷᠠᠯᠲᠠ ᠶᠢ ᠬᠠᠷᠠᠭᠤᠯᠪᠠ ᠃