ᠶᠣᠯᠳᠤᠷᠮᠠ ᠳᠠᠷᠬᠠᠨ ᠤ ᠳᠣᠮᠤᠭ ᠢ᠋ ᠴᠤᠭᠯᠠᠭᠤᠯᠵᠤ ᠰᠤᠳᠤᠯᠤᠭᠰᠠᠨ ᠪᠠᠢᠳᠠᠯ ᠪᠠ ᠳᠣᠮᠤᠭ ᠤ᠋ᠨ ᠠᠭᠤᠯᠭ᠎ᠠ ᠶᠢᠨ ᠪᠦᠲᠦᠴᠡ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200901
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠡᠭᠦᠰᠪᠠᠶᠠᠷ
ᠵᠠᠩᠭᠢᠯᠠᠭ᠎ᠠ ᠦᠭᠡ᠄ ᠶᠤᠯᠳᠤᠷᠮᠠ ᠳᠠᠷᠬᠠᠨ ︔ ᠤᠷᠠᠨ ᠳᠥᠰᠢ ︔ ᠳᠣᠮᠤᠭ ᠤ᠋ᠨ ᠠᠭᠤᠯᠭ᠎ᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠣᠷᠳᠤᠰ ᠤ᠋ᠨ ᠣᠲᠤᠭ ᠵᠡᠷᠭᠡ ᠨᠤᠲᠤᠭ ᠢᠶᠠᠷ ᠶᠤᠯᠳᠤᠷᠮᠠ ᠳᠠᠷᠬᠠᠨ ᠤ ᠲᠤᠬᠠᠢ ᠬᠣᠪᠤᠷ ᠳᠣᠮᠤᠭ ᠤ᠋ᠳ ᠶᠠᠷᠢᠭᠳᠠᠵᠤ ᠪᠠᠢᠭᠰᠠᠨ ᠢ᠋ ᠲᠦᠷᠦᠭᠦᠦ ᠵᠠᠭᠤᠨ ᠤ ᠭᠤᠴᠢᠭᠠᠳ ᠣᠨ ᠳᠤ ᠮᠣᠰᠲᠶ᠋ᠸ᠋ᠷᠲ ᠠᠩᠬ᠎ᠠ ᠲᠡᠮᠳᠡᠭᠯᠡᠵᠦ ᠨᠡᠢᠲᠡᠯᠡᠪᠡ ᠃ ᠲᠦᠷᠦᠭᠦᠦ ᠵᠠᠭᠤᠨ ᠤ ᠨᠠᠶᠠᠨ ᠬᠡᠳᠦᠨ ᠣᠨ ᠠᠴᠠ ᠥᠪᠦᠷ ᠮᠣᠩᠭᠤᠯ ᠳ᠋ᠤ᠌ ᠮᠥᠨ ᠶᠤᠯᠳᠤᠷᠮᠠ ᠳᠠᠷᠬᠠᠨ ᠤ ᠳᠣᠮᠤᠭ ᠤ᠋ᠨ ᠰᠢᠨ᠎ᠡ ᠬᠤᠪᠢᠯᠪᠤᠷᠢ ᠨᠤᠭᠤᠳ ᠨᠡᠢᠲᠡᠯᠡᠭᠳᠡᠪᠡ ᠃ ᠡᠳᠡᠭᠡᠷ ᠳᠣᠮᠤᠭ ᠤ᠋ᠳ ᠪᠣᠯ ᠮᠣᠩᠭᠤᠯ ᠳᠣᠮᠤᠭ ᠤ᠋ᠨ ᠴᠢᠬᠤᠯᠠ ᠪᠦᠷᠢᠯᠳᠦᠬᠦᠨ ᠪᠣᠯᠬᠤ ᠶᠤᠮ ᠃ ᠳᠣᠮᠤᠭ ᠨᠢ ᠲᠤᠬᠠᠢ ᠶᠢᠨ ᠭᠠᠵᠠᠷ ᠤᠨ ︽ ᠤᠷᠠᠨ ᠳᠥᠰᠢ ︾ ᠠᠭᠤᠯᠠ ᠶᠢᠨ ᠨᠡᠷ᠎ᠡ ᠯᠦ᠍ᠭᠡ ᠬᠣᠯᠪᠤᠭᠳᠠᠵᠤ ᠪᠠᠢᠪᠠ ᠃ ᠲᠤᠰ ᠥᠭᠦᠯᠡᠯ ᠳᠦ ᠶᠤᠯᠳᠤᠷᠮᠠ ᠳᠠᠷᠬᠠᠨ ᠤ ᠳᠣᠮᠤᠭ ᠢ᠋ ᠴᠤᠭᠯᠠᠭᠤᠯᠵᠤ ᠨᠡᠢᠲᠡᠯᠡᠵᠦ ᠰᠤᠳᠤᠯᠤᠭᠰᠠᠨ ᠪᠠᠢᠳᠠᠯ ᠵᠢᠴᠢ ᠲᠡᠭᠦᠨ ᠦ ᠪᠦᠷᠢᠨ ᠠᠭᠤᠯᠭ᠎ᠠ ᠶᠢ ᠡᠮᠬᠢᠯᠡᠨ ᠬᠤᠷᠢᠶᠠᠩᠭᠤᠢᠯᠠᠬᠤ ᠶᠢᠨ ᠵᠡᠷᠭᠡᠴᠡᠭᠡ ᠪᠡᠷ ᠳᠣᠮᠤᠭ ᠤ᠋ᠨ ᠰᠢᠨᠵᠢ ᠪᠣᠯᠤᠨ ︽ ᠶᠤᠯᠳᠤᠷᠮᠠ ︾ ᠭᠡᠬᠦ ᠨᠡᠷ᠎ᠡ ᠶᠢᠨ ᠤᠳᠭ᠎ᠠ ᠶ᠋ᠢᠨ ᠲᠤᠬᠠᠢ ᠬᠠᠢᠵᠤ ᠦᠵᠡᠪᠡ ᠃