ᠣᠷᠴᠢᠨ ᠦᠶ᠎ᠡ ᠶ᠋ᠢᠨ ᠮᠣᠩᠭᠤᠯ ᠤᠷᠠᠨ ᠵᠣᠬᠢᠶᠠᠯ ᠳ᠋ᠤ᠌ ᠠᠷᠠᠳ ᠤ᠋ᠨ ᠠᠮᠠᠨ ᠵᠣᠬᠢᠶᠠᠯ ᠢ᠋ ᠤᠯᠠᠮᠵᠢᠯᠠᠵᠤ ᠰᠢᠨᠡᠴᠢᠯᠡᠭᠰᠡᠨ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200902
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/12/03
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠳᠤᠯᠠᠭᠠᠨ
ᠵᠠᠩᠭᠢᠯᠠᠭ᠎ᠠ ᠦᠭᠡ᠄ ︽ᠰᠤᠭᠤ ᠶ᠋ᠢᠨ ᠨᠣᠭᠤᠭ᠎ᠠ︾︔ ᠣᠷᠴᠢᠨ ᠦᠶ᠎ᠡ ᠶ᠋ᠢᠨ ᠮᠣᠩᠭᠤᠯ ᠤᠷᠠᠨ ᠵᠣᠬᠢᠶᠠᠯ︔ ᠠᠷᠠᠳ ᠤ᠋ᠨ ᠠᠮᠠᠨ ᠵᠣᠬᠢᠶᠠᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠤ᠌᠂ ᠪ ᠭᠡᠷᠡᠯᠲᠦ ᠫᠷᠣᠹᠧᠰᠰᠣᠷ ᠦ᠋ᠨ ᠴᠤᠭᠯᠠᠭᠤᠯᠤᠨ ᠰᠢᠭᠦᠮᠵᠢᠯᠡᠭᠰᠡᠨ︽ ᠰᠤᠭᠤ ᠶ᠋ᠢᠨ ᠨᠣᠭᠤᠭ᠎ᠠ︾ ᠲᠡᠭᠦᠪᠦᠷᠢ ᠶ᠋ᠢᠨ ᠵᠢᠱ᠌ᠢᠶᠡᠨ ᠳᠡᠭᠡᠷ᠎ᠡ ᠣᠷᠴᠢᠨ ᠦᠶ᠎ᠡ ᠶ᠋ᠢᠨ ᠥᠪᠦᠷ ᠮᠣᠩᠭᠤᠯ ᠤᠷᠠᠨ ᠵᠣᠬᠢᠶᠠᠯ ᠤ᠋ᠨ ᠲᠡᠦᠬᠡᠨ ᠳ᠋ᠤ᠌ ᠬᠣᠯᠪᠤᠭᠳᠠᠬᠤ ᠬᠣᠶᠠᠷ ᠠᠰᠠᠭᠤᠳᠠᠯ ᠢ᠋ ᠥᠭᠦᠯᠡᠵᠡᠢ᠃ ᠨᠢᠭᠡ ᠳ᠋ᠤ᠌᠂1931︱1945 ᠣᠨ ᠤ᠋ ᠣᠨᠴᠠᠭᠠᠢ ᠲᠡᠦᠬᠡᠨ ᠴᠠᠭ ᠦᠶ᠎ᠡ ᠳ᠋ᠡᠬᠢ ᠥᠪᠦᠷ ᠮᠣᠩᠭᠤᠯ ᠤᠷᠠᠨ ᠵᠣᠬᠢᠶᠠᠯ ᠤ᠋ᠨ ᠣᠯᠤᠯᠲᠠ ᠠᠮᠵᠢᠯᠲᠠ ᠶ᠋ᠢ︽ ᠰᠤᠭᠤ ᠶ᠋ᠢᠨ ᠨᠣᠭᠤᠭ᠎ᠠ︾ ᠲᠥᠪᠯᠡᠷᠡᠭᠦᠯᠦᠨ ᠲᠤᠰᠭᠠᠵᠤ ᠴᠢᠳᠠᠵᠠᠢ ᠭᠡᠵᠦ ᠦᠨᠡᠯᠡᠪᠡ᠃ ᠬᠣᠶᠠᠷ ᠲᠤ᠌᠂ ᠣᠷᠴᠢᠨ ᠦᠶ᠎ᠡ ᠶ᠋ᠢᠨ ᠮᠣᠩᠭᠤᠯ ᠤᠷᠠᠨ ᠵᠣᠬᠢᠶᠠᠯ ᠪᠣᠯᠤᠨ ᠠᠮᠠᠨ ᠵᠣᠬᠢᠶᠠᠯ ᠤ᠋ᠨ ᠬᠣᠭᠤᠷᠤᠨᠳᠤᠬᠢ ᠤᠯᠠᠮᠵᠢᠯᠠᠯ ᠰᠢᠨᠡᠴᠢᠯᠡᠯ ᠤ᠋ᠨ ᠬᠠᠷᠢᠴᠠᠭ᠎ᠠ ᠶ᠋ᠢ︽ ᠰᠤᠭᠤ ᠶ᠋ᠢᠨ ᠨᠣᠭᠤᠭ᠎ᠠ︾ ᠳ᠋ᠤ᠌ ᠲᠡᠭᠦᠪᠦᠷᠢᠯᠡᠭᠰᠡᠨ ᠰᠣᠩᠭᠤᠳᠠᠭ ᠵᠣᠬᠢᠶᠠᠯ ᠤ᠋ᠨ ᠵᠢᠱ᠌ᠢᠶᠡᠨ ᠳᠡᠭᠡᠷ᠎ᠡ ᠵᠠᠳᠠᠯᠤᠨ ᠰᠢᠨᠵᠢᠯᠡᠵᠦ᠂ ᠣᠷᠴᠢᠨ ᠣᠳᠣ ᠦᠶ᠎ᠡ ᠶ᠋ᠢᠨ ᠮᠣᠩᠭᠤᠯ ᠤᠷᠠᠨ ᠵᠣᠬᠢᠶᠠᠯ ᠤ᠋ᠨ ᠰᠤᠳᠤᠯᠭᠠᠨ ᠳ᠋ᠤ᠌ ᠠᠮᠠᠨ ᠵᠣᠬᠢᠶᠠᠯ ᠢ᠋ ᠴᠤ ᠠᠩᠬᠠᠷᠤᠯ ᠳ᠋ᠠᠭᠠᠨ ᠠᠪᠤᠪᠠᠯ ᠵᠣᠬᠢᠨ᠎ᠠ ᠭᠡᠵᠦ ᠰᠠᠨᠠᠯ ᠢ᠋ᠶ᠋ᠠᠨ ᠳᠤᠷᠠᠳᠤᠭᠰᠠᠨ ᠪᠠᠢᠨ᠎ᠠ᠃