ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠣᠢᠷᠠᠳ ᠠᠶᠠᠯᠭᠤᠨ ᠤ᠋ ᠤᠷᠤᠭ ᠬᠤᠷᠢᠮ ᠤ᠋ᠨ ᠵᠠᠩ ᠦᠢᠯᠡ ᠲᠡᠢ ᠬᠣᠯᠪᠤᠭᠳᠠᠬᠤ ᠦᠭᠡᠰ ᠤ᠋ᠨ ᠰᠣᠶᠤᠯ ᠤ᠋ᠨ ᠠᠭᠤᠯᠬᠤᠨ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 200901
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/12/03
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠣᠶᠤᠯ
ᠵᠠᠩᠭᠢᠯᠠᠭ᠎ᠠ ᠦᠭᠡ᠄ ᠣᠢᠷᠠᠳ ᠠᠶᠠᠯᠭᠤᠨ ᠤ᠋ ᠦᠭᠡᠰ ᠦ᠋ᠨ ᠰᠠᠩ︔ ᠤᠷᠤᠭ ᠬᠤᠷᠢᠮ ᠤ᠋ᠨ ᠵᠠᠩ ᠦᠢᠯᠡ︔ ᠰᠣᠶᠤᠯ ᠤ᠋ᠨ ᠠᠭᠤᠯᠬᠤᠨ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠥᠪᠥᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠳ᠋ᠣᠺᠲ᠋ᠣᠷ ᠤ᠋ᠨ ᠰᠤᠳᠤᠯᠭᠠᠨ ᠤ᠋ ᠰᠠᠭᠤᠷᠢ ᠮᠥᠩᠭᠦᠨ ᠤ᠋ ᠳᠡᠮᠵᠢᠯᠭᠡ ᠶ᠋ᠢ ᠣᠯᠤᠭᠠᠨ︽ ᠣᠢᠷᠠᠳ ᠠᠶᠠᠯᠭᠤᠨ ᠤ᠋ ᠦᠭᠡᠰ ᠦ᠋ᠨ ᠰᠠᠩ ᠢ᠋ ᠰᠣᠶᠤᠯ ᠬᠡᠯᠡ ᠰᠢᠨᠵᠢᠯᠡᠯ ᠦ᠋ᠨ ᠡᠭᠦᠳᠡᠨ ᠡᠴᠡ ᠰᠢᠨᠵᠢᠯᠡᠬᠦ ᠨᠢ︾ ᠭᠡᠬᠦ ᠰᠡᠳᠦᠪ ᠦ᠋ᠨ ᠨᠢᠭᠡ ᠬᠡᠰᠡᠭ ᠪᠣᠯᠤᠨ᠎ᠠ᠃
ᠠᠭᠤᠯᠭ᠎ᠠ ᠶ᠋ᠢᠨ ᠲᠣᠪᠴᠢ᠄ ᠥᠭᠦᠯᠡᠯ ᠳ᠋ᠤ᠌ ᠣᠢᠷᠠᠳ ᠠᠶᠠᠯᠭᠤᠨ ᠤ᠋ ᠤᠷᠤᠭ ᠬᠤᠷᠢᠮ ᠤ᠋ᠨ ᠵᠠᠩ ᠦᠢᠯᠡ ᠲᠡᠢ ᠬᠣᠯᠪᠤᠭᠳᠠᠬᠤ ᠦᠭᠡᠰ ᠦ᠋ᠨ ᠰᠣᠶᠤᠯ ᠤ᠋ᠨ ᠠᠭᠤᠯᠬᠤᠨ ᠢ᠋ ᠣᠢᠷᠠᠳ ᠮᠣᠩᠭᠤᠯᠴᠤᠳ ᠤ᠋ᠨ ᠨᠡᠢᠭᠡᠮ ᠲᠡᠦᠬᠡ ᠶ᠋ᠢᠨ ᠤᠯᠠᠷᠢᠯ ᠬᠤᠪᠢᠰᠤᠯ᠂ ᠱᠠᠰᠢᠨ ᠰᠢᠲᠦᠯᠭᠡ ᠶ᠋ᠢᠨ ᠨᠥᠯᠦᠭᠡ᠂ ᠰᠣᠶᠤᠯ ᠰᠡᠳᠭᠢᠯᠭᠡᠨ ᠤ᠋ ᠣᠨᠴᠠᠯᠢᠭ ᠵᠡᠷᠭᠡ ᠬᠡᠳᠦᠨ ᠲᠠᠯ᠎ᠠ ᠠ᠋ᠴᠠ ᠰᠢᠨᠵᠢᠯᠡᠵᠦ᠂ ᠣᠢᠷᠠᠳ ᠮᠣᠩᠭᠤᠯᠴᠤᠳ ᠤ᠋ᠨ ᠤᠷᠤᠭ ᠬᠤᠷᠢᠮ ᠤ᠋ᠨ ᠵᠠᠩ ᠦᠢᠯᠡ ᠪᠣᠯ ᠮᠣᠩᠭᠤᠯ ᠦᠨᠳᠦᠰᠦᠲᠡᠨ ᠤ᠋ ᠡᠷᠲᠡᠨ ᠤ᠋ ᠤᠷᠤᠭ ᠬᠤᠷᠢᠮ ᠤ᠋ᠨ ᠵᠠᠩ ᠦᠢᠯᠡ ᠡᠴᠡ ᠡᠰᠢ ᠲᠡᠢ ᠪᠥᠭᠡᠳ ᠣᠪᠤᠭ ᠠᠢᠮᠠᠭ ᠣᠷᠤᠨ ᠨᠤᠲᠤᠭ ᠤ᠋ᠨ ᠣᠨᠴᠠᠯᠢᠭ ᠲᠠᠢ ᠪᠠᠷ ᠤᠯᠠᠷᠢᠨ ᠬᠥᠭᠵᠢᠭᠰᠡᠭᠡᠷ ᠢᠷᠡᠵᠡᠢ᠃ ᠡᠨᠡ ᠪᠠᠢᠳᠠᠯ ᠨᠢ ᠣᠢᠷᠠᠳ ᠠᠶᠠᠯᠭᠤᠨ ᠤ᠋ ᠦᠭᠡᠰ ᠦ᠋ᠨ ᠰᠠᠩ ᠳ᠋ᠤ᠌ ᠲᠤᠰᠭᠠᠭᠳᠠᠵᠤ ᠪᠠᠢᠨ᠎ᠠ ᠭᠡᠵᠦ ᠦᠵᠡᠪᠡ