ᠣᠳᠣ ᠦᠶ᠎ᠡ ᠵᠢᠨ ᠬᠡᠯᠡᠨ ᠤ᠋ ᠬᠡᠪ ᠰᠢᠨᠵᠢ ᠰᠤᠳᠤᠯᠤᠯ ᠤᠨ ᠠᠷᠭ᠎ᠠ ᠪᠠᠷ ᠮᠣᠩᠭᠤᠯ ᠬᠡᠯᠡ ᠶ᠋ᠢ ᠲᠤᠷᠰᠢᠨ ᠰᠢᠨᠵᠢᠯᠡᠬᠦ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201703
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 4ᠤᠳᠠᠭ᠎ᠠ
ᠵᠣᠬᠢᠶᠠᠭᠴᠢ᠄ ᠬᠠᠰᠤᠨᠲᠤᠶᠠᠭ᠎ᠠ
ᠵᠠᠩᠭᠢᠯᠠᠭ᠎ᠠ ᠦᠭᠡ᠄ ᠬᠡᠪ ᠰᠢᠨᠵᠢ ᠰᠤᠳᠤᠯᠤᠯ︔ ᠨᠡᠢᠲᠡᠯᠢᠭ ᠰᠢᠨᠵᠢ︔ ᠠᠭᠤᠯᠤᠭᠳᠠᠵᠤ ᠨᠡᠢᠲᠡᠯᠢᠭ ᠰᠢᠨᠵᠢ︔ ᠯᠠᠪᠯᠠᠬᠤ ᠵᠤᠷᠪᠤᠰ︵ ᠫᠠᠷᠠᠮᠧᠲ᠋ᠷ︶
ᠰᠠᠭᠤᠷᠢ ᠮᠥᠩᠭᠦᠨ ᠤ᠋ ᠳᠡᠮᠵᠢᠯᠭᠡ᠄ ᠲᠤᠰ ᠰᠤᠳᠤᠯᠭᠠᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ᠋ ᠨᠡᠢᠭᠡᠮ ᠦ᠋ᠨ ᠰᠢᠨᠵᠢᠯᠡᠬᠦ ᠤᠬᠠᠭᠠᠨ ᠤ᠋ ᠲᠥᠯᠦᠪᠵᠢᠭᠦᠯᠭᠡ ᠵᠢᠨ ᠣᠨᠴᠠᠭᠠᠢ ᠲᠥᠰᠦᠯ︽ ᠮᠣᠩᠭᠤᠯ ᠬᠡᠯᠡ ᠪᠢᠴᠢᠭ ᠤᠨ ᠤᠳᠤᠷᠢᠳᠭᠠᠯ︾ ᠤᠨ ᠳᠡᠮᠵᠢᠯᠭᠡ ᠶ᠋ᠢ ᠣᠯᠪᠠ᠃ ᠲᠥᠰᠦᠯ ᠤᠨ ᠳ᠋ᠤᠭᠠᠷ᠄MZWH2014-035᠃
ᠠᠭᠤᠯᠭ᠎ᠠ ᠶ᠋ᠢᠨ ᠲᠣᠪᠴᠢ᠄ ᠬᠡᠯᠡᠨ ᠦ᠌ ᠬᠡᠪ ᠰᠢᠨᠵᠢ ᠰᠤᠳᠤᠯᠤᠯ ᠢ᠋ ᠤᠯᠠᠮᠵᠢᠯᠠᠯᠲᠤ ᠬᠡᠯᠡᠨ ᠦ᠌ ᠬᠡᠪ ᠰᠢᠨᠵᠢ ᠰᠤᠳᠤᠯᠤᠯ ᠬᠢᠭᠡᠳ ᠣᠳᠣ ᠦᠶ᠎ᠡ ᠵᠢᠨ ᠬᠡᠯᠡᠨ ᠦ᠌ ᠬᠡᠪ ᠰᠢᠨᠵᠢ ᠰᠤᠳᠤᠯᠤᠯ ᠭᠡᠵᠦ ᠬᠣᠶᠠᠷ ᠬᠤᠪᠢᠶᠠᠳᠠᠭ᠃ ᠣᠳᠣ ᠦᠶ᠎ᠡ ᠵᠢᠨ ᠬᠡᠯᠡᠨ ᠤ᠋ ᠬᠡᠪ ᠰᠢᠨᠵᠢ ᠰᠤᠳᠤᠯᠤᠯ ᠨᠢ ᠲᠦᠷᠦᠭᠦᠦ ᠵᠠᠭᠤᠨ ᠤ᠋ ᠵᠢᠷᠠᠭᠠᠳ ᠣᠨ ᠠ᠋ᠴᠠ ᠡᠬᠢᠯᠡᠵᠦ ᠡᠸᠦ᠋ᠷᠦᠫᠡ᠂ ᠠᠮᠧᠷᠢᠺᠠ ᠳ᠋ᠦ᠍ ᠥᠷᠨᠢᠨ ᠬᠥᠭᠵᠢᠭᠡᠳ᠂ ᠨᠠᠶᠠ ᠶᠡᠷᠡᠭᠡᠳ ᠣᠨ ᠤ᠋ ᠦᠶ᠎ᠡ ᠪᠡᠷ ᠳᠤᠮᠳᠠᠳᠤ ᠤ᠋ᠨ ᠤᠯᠤᠰ ᠲᠤ᠌ ᠨᠡᠪᠲᠡᠷᠡᠨ ᠣᠷᠤᠵᠤ ᠢᠷᠡᠭᠰᠡᠨ ᠪᠠᠢᠨ᠎ᠠ᠃ ᠮᠣᠩᠭᠤᠯ ᠬᠡᠯᠡᠨ ᠤ᠋ ᠬᠡᠪ ᠰᠢᠨᠵᠢ ᠰᠤᠳᠤᠯᠤᠯ ᠮᠥᠨ ᠠᠩᠬᠠᠨ ᠤ᠋ ᠱᠠᠲᠤᠨ ᠳ᠋ᠤ᠌ ᠪᠠᠨ ᠪᠠᠢᠵᠤ᠂ ᠬᠥᠭᠵᠢᠯᠲᠡ ᠵᠢ ᠬᠠᠷᠢᠭᠤᠴᠠᠩᠭᠤᠢ ᠬᠣᠴᠤᠷᠤᠩᠭᠤᠢ ᠪᠠᠢᠭᠰᠠᠭᠠᠷ᠃ ᠲᠤᠰ ᠥᠭᠦᠯᠡᠯ ᠳ᠋ᠦ᠍ ᠣᠳᠣ ᠦᠶ᠎ᠡ ᠵᠢᠨ ᠬᠡᠯᠡᠨ ᠦ᠌ ᠬᠡᠪ ᠰᠢᠨᠵᠢ ᠰᠤᠳᠤᠯᠤᠯ ᠤᠨ ᠦᠨᠳᠦᠰᠦᠨ ᠠᠭᠤᠯᠭ᠎ᠠ ᠶ᠋ᠢ ᠳᠥᠭᠦᠮ ᠲᠠᠨᠢᠯᠴᠠᠭᠤᠯᠬᠤ ᠵᠢᠨ ᠬᠠᠮᠲᠤ᠂ ᠮᠣᠩᠭᠤᠯ ᠬᠡᠯᠡᠨ ᠤ᠋ ᠬᠣᠯᠪᠤᠭᠳᠠᠬᠤ ᠵᠠᠷᠢᠮ ᠠᠰᠠᠭᠤᠳᠠᠯ ᠢ᠋ ᠣᠳᠣ ᠦᠶ᠎ᠡ ᠵᠢᠨ ᠬᠡᠯᠡᠨ ᠦ᠌ ᠬᠡᠪ ᠰᠢᠨᠵᠢ ᠰᠤᠳᠤᠯᠤᠯ ᠤᠨ ᠠᠷᠭ᠎ᠠ ᠪᠠᠷ ᠲᠤᠷᠰᠢᠨ ᠰᠢᠨᠵᠢᠯᠡᠪᠡ᠃