ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠣᠷᠴᠢᠨ ᠴᠠᠭ ᠤᠨ ᠮᠣᠩᠭᠤᠯ ᠬᠡᠯᠡᠨ  ᠦ᠌ ᠬᠡᠯᠡᠭᠳᠡᠬᠦᠨ  ᠦ᠌ ᠲᠤᠬᠠᠢ ᠭᠦᠢᠬᠡᠨ ᠰᠢᠨᠵᠢᠯᠡᠭᠡ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠴᠢ ᠪᠠᠢ ᠯᠢᠩ
ᠵᠠᠩᠭᠢᠯᠠᠭ᠎ᠠ ᠦᠭᠡ᠄ ᠣᠷᠴᠢᠨ ᠴᠠᠭ ᠤᠨ ᠮᠣᠩᠭᠤᠯ ᠬᠡᠯᠡ︔ ᠬᠡᠯᠡᠭᠳᠡᠬᠦᠨ︔ ᠬᠡᠯᠡᠭᠳᠡᠬᠦᠨ ᠦ᠌ ᠢᠯᠡᠳᠭᠡᠭᠴᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠬᠡᠯᠡᠭᠳᠡᠭᠦᠨ ᠪᠣᠯ ᠬᠡᠯᠡ ᠰᠢᠨᠵᠢᠯᠡᠯ ᠦ᠋ᠨ ᠨᠢᠭᠡᠨ ᠴᠢᠬᠤᠯᠠ ᠤᠬᠠᠭᠳᠠᠬᠤᠨ ᠮᠥᠨ᠃ ᠣᠷᠴᠢᠨ ᠴᠠᠭ ᠤᠨ ᠮᠣᠩᠭᠤᠯ ᠬᠡᠯᠡᠨ ᠦ᠌ ᠬᠡᠯᠡᠭᠳᠡᠭᠦᠨ ᠨᠢ ᠬᠡᠯᠡᠨ ᠦ᠌ ᠬᠡᠷᠡᠭᠯᠡᠭᠡᠨ ᠦ᠌ ᠤᠬᠠᠭᠳᠠᠬᠤᠨ ᠪᠠᠢᠵᠤ ᠦᠭᠡ ᠶᠠᠷᠢᠶᠠᠨ ᠤ᠋ ᠥᠭᠦᠯᠡᠭᠳᠡᠵᠦ ᠶᠠᠷᠢᠭᠳᠠᠬᠤ ᠭᠣᠣᠯ ᠰᠡᠳᠦᠪ ᠪᠣᠯᠤᠨ᠎ᠠ᠃ ᠬᠡᠯᠡᠬᠦᠨ ᠨᠢ ᠬᠡᠯᠡᠭᠳᠡᠬᠦᠨ ᠳ᠋ᠦ᠍ ᠬᠣᠯᠪᠤᠭᠳᠠᠭᠰᠠᠨ ᠠᠭᠤᠯᠭ᠎ᠠ ᠶ᠋ᠢ ᠵᠢᠭᠠᠨ᠎ᠠ᠃ ᠬᠡᠯᠡᠭᠳᠡᠬᠦᠨ᠂ ᠬᠡᠯᠡᠭᠳᠡᠬᠦᠨ ᠦ᠌ ᠢᠯᠡᠳᠭᠡᠭᠴᠢ ᠨᠢ ᠬᠡᠯᠡᠬᠦᠨ ᠯᠦ᠍ᠭᠡ︽ ᠬᠡᠯᠡᠭᠳᠡᠬᠦᠨ| ᠬᠡᠯᠡᠭᠳᠡᠬᠦᠨ ᠦ᠌ ᠢᠯᠡᠳᠭᠡᠭᠴᠢ︱ ᠬᠡᠯᠡᠬᠦᠨ︾ ᠬᠡᠮᠡᠬᠦ ᠬᠡᠯᠡᠭᠳᠡᠬᠦᠨ ᠦ᠌ ᠦᠨᠳᠦᠰᠦᠨ ᠪᠦᠲᠦᠴᠡ ᠶ᠋ᠢ ᠪᠦᠷᠢᠯᠳᠦᠭᠦᠯᠦᠨ᠎ᠡ᠃ ᠣᠷᠴᠢᠨ ᠴᠠᠭ ᠤᠨ ᠮᠣᠩᠭᠤᠯ ᠬᠡᠯᠡᠨ ᠳ᠋ᠦ᠍ ᠰᠣᠩᠭᠤᠵᠤ ᠡᠭᠦᠰᠭᠡᠬᠦ ᠬᠢᠭᠡᠳ ᠥᠭᠦᠯᠡᠪᠦᠷᠢ ᠵᠢᠨ ᠭᠡᠰᠢᠭᠦᠨ ᠢ᠋ ᠰᠢᠯᠵᠢᠭᠦᠯᠬᠦ ᠠᠷᠭ᠎ᠠ ᠪᠠᠷ ᠬᠡᠯᠡᠭᠳᠡᠭᠦᠨᠴᠢᠯᠡᠬᠦ ᠶᠠᠪᠤᠴᠠ ᠶ᠋ᠢ ᠪᠡᠶᠡᠯᠡᠭᠦᠯᠳᠡᠭ᠃ ᠬᠡᠯᠡᠭᠳᠡᠬᠦᠨ ᠪᠣᠯᠬᠤ ᠪᠦᠷᠢᠯᠳᠦᠬᠦᠨ ᠢ᠋ ᠥᠭᠦᠯᠡᠪᠦᠷᠢ ᠵᠢᠨ ᠭᠡᠰᠢᠭᠦᠨ  ᠦ᠌ ᠲᠠᠯ᠎ᠠ ᠠ᠋ᠴᠠ ᠦᠵᠡᠪᠡᠯ᠂ ᠥᠭᠦᠯᠡᠭᠳᠡᠬᠦᠨ᠂ ᠳᠤᠰᠤᠭᠲᠠᠬᠤᠨ᠂ ᠪᠠᠢᠴᠠ ᠵᠡᠷᠭᠡ ᠬᠡᠯᠡᠭᠳᠡᠬᠦᠨ ᠪᠣᠯᠵᠤ ᠪᠣᠯᠤᠨ᠎ᠠ᠂ ᠬᠡᠯᠡ ᠵᠦᠢ ᠵᠢᠨ ᠨᠢᠭᠡᠴᠢ ᠵᠢᠨ ᠲᠠᠯ᠎ᠠ ᠠ᠋ᠴᠠ ᠦᠵᠡᠪᠡᠯ᠂ ᠪᠣᠳᠠᠲᠤ ᠤᠳᠭ᠎ᠠ ᠶ᠋ᠢ ᠠᠭᠤᠯᠤᠭᠰᠠᠨ ᠦᠭᠡ᠂ ᠬᠣᠯᠪᠤᠭ᠎ᠠ ᠦᠭᠡ᠂ ᠥᠭᠦᠯᠡᠪᠦᠷᠢ ᠬᠡᠯᠡᠭᠳᠡᠬᠦᠨ ᠪᠣᠯᠵᠤ ᠪᠣᠯᠤᠨ᠎ᠠ᠃