ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

PAS ᠳ᠋ᠤ᠌ ᠰᠠᠭᠤᠷᠢᠯᠠᠭᠰᠠᠨ ᠮᠣᠩᠭᠤᠯ ᠬᠡᠯᠡᠨ ᠤ᠋ ᠪᠠᠷᠢᠮᠵᠢᠶ᠎ᠠ ᠠᠪᠢᠶᠠᠨ ᠤ᠋ V+C ᠦᠶ᠎ᠡ ᠵᠢᠨ ᠪᠦᠲᠦᠴᠡ ᠳ᠋ᠦ᠍ ᠬᠢ ᠦᠨᠳᠦᠰᠦᠨ ᠭᠡᠢᠭᠦᠯᠦᠭᠴᠢ ᠵᠢᠨ ᠲᠤᠬᠠᠢ ᠠᠩᠬᠠᠨ ᠤ᠋ ᠰᠢᠨᠵᠢᠯᠡᠭᠡ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠣᠷᠭᠤᠭ
ᠵᠠᠩᠭᠢᠯᠠᠭ᠎ᠠ ᠦᠭᠡ᠄ ᠮᠣᠩᠭᠤᠯ ᠬᠡᠯᠡ︔ ᠭᠡᠢᠭᠦᠯᠦᠭᠴᠢ︔ ᠬᠡᠢ ᠵᠢᠨ ᠳᠠᠷᠤᠯᠲᠠ︔ ᠬᠡᠢ ᠤᠷᠤᠰᠭᠠᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠬᠡᠢ ᠵᠢᠨ ᠤᠷᠤᠰᠭᠠᠯ᠂ ᠬᠡᠢ ᠵᠢᠨ ᠳᠠᠷᠤᠯᠲᠠ ᠵᠢᠨ ᠬᠡᠮᠵᠢᠭᠦᠷ︵phonatory Acrodynamic System PAS︶ ᠳ᠋ᠤ᠌ ᠰᠠᠭᠤᠷᠢᠯᠠᠨ ᠲᠤᠷᠰᠢᠯᠲᠠ ᠵᠢᠨ ᠠᠷᠭ᠎ᠠ ᠪᠠᠷ ᠮᠣᠩᠭᠤᠯ ᠬᠡᠯᠡᠨ ᠦ᠌ ᠪᠠᠷᠢᠮᠵᠢᠶ᠎ᠠ ᠠᠪᠢᠶᠠᠨ ᠤ᠋ V+C ᠦᠶ᠎ᠡ ᠵᠢᠨ ᠪᠦᠲᠦᠴᠡ ᠳ᠋ᠦ᠍ ᠬᠢ ᠦᠨᠳᠦᠰᠦᠨ ᠭᠡᠢᠭᠦᠯᠦᠭᠴᠢ  ᠶ᠋ᠢ ᠰᠤᠳᠤᠯᠤᠭᠰᠠᠨ ᠤ᠋ ᠳ᠋ᠦᠩ ᠳ᠋ᠦ᠍᠂ ᠳᠣᠣᠷᠠᠬᠢ ᠮᠡᠲᠦ ᠭᠤᠷᠪᠠᠨ ᠵᠦᠢᠯ ᠦ᠋ᠨ ᠳ᠋ᠦᠩᠨᠡᠯᠲᠡ  ᠶ᠋ᠢ ᠣᠯᠵᠠᠢ᠃ ᠨᠢᠭᠡ᠂ ᠭᠡᠢᠭᠦᠯᠦᠭᠴᠢ ᠵᠢᠨ ᠬᠡᠢ ᠵᠢᠨ ᠤᠷᠤᠰᠭᠠᠯ ᠬᠡᠢ ᠵᠢᠨ ᠳᠠᠷᠤᠯᠲᠠ ᠵᠢᠨ ᠬᠡᠮᠵᠢᠭᠳᠡᠯ ᠨᠢ ᠥᠭᠦᠯᠡᠬᠦ ᠡᠷᠬᠡᠲᠡᠨ ᠦ᠌ ᠪᠠᠢᠷᠢ ᠲᠠᠢ ᠬᠣᠯᠪᠤᠭ᠎ᠠ ᠦᠭᠡᠢ᠂ ᠬᠠᠷᠢᠨ ᠠᠪᠢᠶᠠᠯᠠᠬᠤ ᠠᠷᠭ᠎ᠠ ᠲᠠᠢ ᠬᠣᠯᠪᠤᠭ᠎ᠠ ᠲᠠᠢ᠃ ᠴᠢᠩᠭ᠎ᠠ ᠬᠦᠴᠦᠲᠡᠢ ᠥᠨᠳᠦᠷ ᠳᠠᠭᠤᠨ ᠢ᠋ᠶ᠋ᠠᠷ ᠠᠪᠢᠶᠠᠯᠠᠪᠠᠯ ᠬᠡᠢ ᠵᠢᠨ ᠤᠷᠤᠰᠭᠠᠯ ᠪᠠ ᠬᠡᠢ ᠵᠢᠨ ᠳᠠᠷᠤᠯᠲᠠ ᠵᠢ ᠶᠡᠬᠡ᠂ ᠨᠠᠮ ᠳᠣᠣᠷ᠎ᠠ ᠳᠠᠭᠤᠨ ᠢ᠋ᠶ᠋ᠠᠷ ᠠᠪᠢᠶᠠᠯᠠᠪᠠᠯ ᠬᠡᠢ ᠵᠢᠨ ᠤᠷᠤᠰᠭᠠᠯ ᠪᠠ ᠬᠡᠢ ᠵᠢᠨ ᠳᠠᠷᠤᠯᠲᠠ ᠨᠢ ᠪᠠᠭ᠎ᠠ ᠪᠠᠢᠨ᠎ᠠ᠃ ᠬᠣᠶᠠᠷ᠂ ᠮᠣᠩᠭᠤᠯ ᠬᠡᠯᠡᠨ  ᠦ᠌ ᠳᠦᠷᠢᠯᠲᠡ ᠲᠠᠢ ᠭᠡᠢᠭᠦᠯᠦᠭᠴᠢ ᠵᠢᠨ ᠬᠡᠢ ᠵᠢᠨ ᠤᠷᠤᠰᠭᠠᠯ ᠤᠨ ᠬᠡᠮᠵᠢᠭᠳᠡᠯ  ᠨᠢ ᠠᠯᠢ ᠪᠠᠢᠷᠢᠨ ᠳ᠋ᠤ᠌ ᠪᠠᠢᠭᠰᠠᠨ ᠴᠤ᠌ ᠳᠦᠷᠢᠯᠲᠡ ᠦᠭᠡᠢ ᠭᠡᠢᠭᠦᠯᠦᠭᠴᠢ ᠵᠢᠨ ᠬᠡᠢ ᠵᠢᠨ ᠤᠷᠤᠰᠭᠠᠯ  ᠤᠨ ᠬᠡᠮᠵᠢᠭᠳᠡᠯ  ᠡᠴᠡ ᠶᠡᠬᠡ ᠪᠠᠢᠵᠤ ᠂ ᠳᠠᠭᠤ ᠦᠭᠡᠢ ᠭᠡᠢᠭᠦᠯᠦᠭᠴᠢ ᠵᠢᠨ ᠬᠡᠢ ᠵᠢᠨ ᠳᠠᠷᠤᠯᠲᠠ ᠵᠢᠨ ᠬᠡᠮᠵᠢᠭᠳᠡᠯ ᠨᠢ ᠳᠠᠭᠤ ᠲᠠᠢ ᠭᠡᠢᠭᠦᠯᠦᠭᠴᠢ ᠵᠢᠨ ᠬᠡᠢ ᠵᠢᠨ ᠳᠠᠷᠤᠯᠲᠠ ᠵᠢᠨ ᠬᠡᠮᠵᠢᠭᠳᠡᠯ ᠡᠴᠡ ᠶᠡᠬᠡ᠃ ᠭᠤᠷᠪᠠ᠂ V+C ᠦᠶ᠎ᠡ ᠵᠢᠨ ᠪᠦᠲᠦᠴᠡ ᠳ᠋ᠦ᠍ ᠬᠢ ᠭᠡᠢᠭᠦᠯᠦᠭᠴᠢ ᠵᠢᠨ ᠬᠡᠢ ᠵᠢᠨ ᠤᠷᠤᠰᠭᠠᠯ᠂ ᠬᠡᠢ ᠵᠢᠨ ᠳᠠᠷᠤᠯᠲᠠ ᠵᠢᠨ ᠬᠡᠮᠵᠢᠭᠳᠡᠯ ᠨᠢ ᠵᠣᠬᠢᠬᠤ ᠬᠡᠮᠵᠢᠶᠡᠨ ᠳ᠋ᠦ᠍ ᠭᠡᠢᠭᠦᠯᠦᠭᠴᠢ ᠵᠢᠨ ᠡᠮᠦᠨᠡᠬᠢ ᠡᠭᠡᠰᠢᠭ ᠦ᠋ᠨ ᠢ᠋ᠶ᠋ᠡᠨ ᠨᠥᠯᠦᠭᠡ ᠶ᠋ᠢ ᠬᠦᠷᠲᠡᠨ᠎ᠡ᠃