︽ ᠵᠠᠷᠯᠢᠭ ᠢ᠋ᠶ᠋ᠠᠷ ᠲᠣᠭᠲᠠᠭᠠᠭᠰᠠᠨ ᠭᠠᠳᠠᠭᠠᠳᠤ ᠮᠣᠩᠭᠤᠯ ᠬᠣᠲᠤᠩ ᠠᠢᠮᠠᠭ ᠤᠨ ᠸᠠᠩ ᠭᠦᠩ ᠦ᠋ᠳ ᠤᠨ ᠢᠯᠡᠳᠭᠡᠯ ᠱᠠᠰᠲᠢᠷ︾ ᠲᠤ᠌ ᠬᠢ ᠬᠡᠳᠦᠨ ᠪᠤᠷᠤᠭᠤ ᠲᠡᠮᠳᠡᠭᠯᠡᠯ ᠢ᠋ ᠵᠠᠯᠠᠷᠠᠭᠤᠯᠬᠤ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ﹇ ᠮᠣᠩᠭᠤᠯ﹈ ᠨᠦᠷᠵᠡᠳ
ᠵᠠᠩᠭᠢᠯᠠᠭ᠎ᠠ ᠦᠭᠡ᠄ ᠢᠯᠡᠳᠭᠡᠯ ᠱᠠᠰᠲᠢᠷ︔ ᠵᠠᠯᠠᠷᠠᠭᠤᠯᠭ᠎ᠠ︔ ᠬᠠᠯᠬ᠎ᠠ ᠵᠢᠨ ᠨᠣᠶᠠᠳ ᠤᠨ ᠤᠭ ᠡᠬᠡ︔ ᠲᠦᠰᠢᠶᠡᠲᠦ ᠬᠠᠨ ᠠᠢᠮᠠᠭ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠡᠭᠷᠢ ᠵᠢᠨ ᠲᠡᠳᠭᠦᠭᠰᠡᠨ ᠦ᠌ ᠳᠥᠴᠢᠨ ᠳᠥᠷᠪᠡᠳᠦᠭᠡᠷ︵1779 ᠣᠨ︶ ᠣᠨ ᠳ᠋ᠤ᠌ ᠵᠣᠬᠢᠶᠠᠭᠳᠠᠭᠰᠠᠨ︽ ᠵᠠᠷᠯᠢᠭ ᠢ᠋ᠶ᠋ᠠᠷ ᠲᠣᠭᠲᠠᠭᠠᠭᠰᠠᠨ ᠭᠠᠳᠠᠭᠠᠳᠤ ᠮᠣᠩᠭᠤᠯ ᠬᠣᠲᠤᠩ ᠠᠢᠮᠠᠭ ᠤᠨ ᠸᠠᠩ ᠭᠦᠩ ᠦ᠋ᠳ ᠤᠨ ᠢᠯᠡᠳᠭᠡᠯ ᠱᠠᠰᠲᠢᠷ︾ ᠨᠢ ᠮᠠᠨᠵᠤ ᠵᠢᠨ ᠬᠠᠭᠠᠨ ᠤ᠋ ᠣᠷᠳᠤᠨ ᠳ᠋ᠤ᠌ ᠬᠠᠭᠠᠨ ᠤ᠋ ᠵᠠᠷᠯᠢᠭ ᠢ᠋ᠶ᠋ᠠᠷ ᠤᠯᠤᠰ ᠲᠥᠷᠦ ᠵᠢᠨ ᠰᠢᠨᠵᠢ ᠴᠢᠨᠠᠷᠲᠠᠢ ᠵᠣᠬᠢᠶᠠᠭᠰᠠᠨ ᠲᠤᠯᠠ ᠳᠡᠭᠡᠷᠡᠬᠢ ᠳᠠᠩᠰᠠ ᠮᠠᠲ᠋ᠧᠷᠢᠶᠠᠯ ᠤᠳ ᠤᠨ ᠠᠭᠤᠯᠭ᠎ᠠ ᠶ᠋ᠢ ᠬᠤᠪᠢᠷᠠᠭᠠᠭᠰᠠᠨ ᠪᠠ ᠪᠣᠳᠠᠲᠤ ᠲᠡᠦᠬᠡᠨ ᠦᠨᠡᠨ ᠬᠡᠷᠡᠭ ᠲᠦ᠍ ᠲᠡᠳᠦᠢ ᠯᠡ ᠨᠢᠭᠲᠠ ᠨᠠᠷᠢᠨ ᠬᠠᠨᠳᠤᠵᠤ ᠪᠢᠴᠢᠭᠰᠡᠨ ᠦᠭᠡᠢ᠂ ᠮᠥᠨ ᠡᠬᠢᠯᠡᠭᠡᠳ ᠬᠢᠲᠠᠳ ᠬᠡᠯᠡ ᠪᠡᠷ ᠪᠢᠴᠢᠵᠦ᠂ ᠳᠠᠷᠠᠭ᠎ᠠ ᠨᠢ ᠮᠠᠨᠵᠤ ᠬᠡᠯᠡ ᠳ᠋ᠦ᠍ ᠣᠷᠴᠢᠭᠤᠯᠵᠤ᠂ ᠮᠠᠨᠵᠤ ᠬᠡᠯᠡᠨ ᠡᠴᠡ ᠮᠣᠩᠭᠤᠯ ᠬᠡᠯᠡ ᠳ᠋ᠦ᠍ ᠣᠷᠴᠢᠭᠤᠯᠤᠭᠰᠠᠨ ᠵᠡᠷᠭᠡ ᠰᠢᠯᠲᠠᠭᠠᠨ ᠠ᠋ᠴᠠ ᠪᠣᠯᠵᠤ ᠲᠤᠰ ᠰᠤᠷᠪᠤᠯᠵᠢ ᠳ᠋ᠤ᠌ ᠠᠭᠳᠠᠭᠤ ᠲᠠᠰᠢᠶ᠎ᠠ ᠲᠡᠮᠳᠡᠭᠯᠡᠯ ᠨᠡᠯᠢᠶᠡᠳ ᠭᠠᠷᠴᠠᠢ᠃ ᠲᠤᠰ ᠥᠭᠦᠯᠡᠯ ᠳ᠋ᠦ᠍ ᠲᠡᠭᠷᠢ ᠵᠢᠨ ᠲᠡᠳᠭᠦᠭᠰᠡᠨ ᠦ᠌60 ᠣᠨ ᠠ᠋ᠴᠠ︵1795 ᠣᠨ︶ ᠤ᠋ ᠴᠤᠭ ᠦᠵᠡᠰᠭᠦᠯᠡᠩᠲᠤ ᠬᠠᠷᠰᠢ︵武英殿) ᠵᠢᠨ ᠬᠢᠲᠠᠳ ᠪᠣᠯᠤᠨ ᠮᠣᠩᠭᠤᠯ ᠬᠡᠪᠯᠡᠯ ᠢ᠋ ᠰᠣᠩᠭᠤᠨ ᠠᠪᠴᠤ᠂ ᠬᠠᠯᠬ᠎ᠠ ᠵᠢᠨ ᠲᠦᠰᠢᠶᠡᠲᠦ ᠬᠠᠨ ᠠᠢᠮᠠᠭ ᠤᠨ ᠲᠡᠮᠳᠡᠭᠯᠡᠯ ᠦ᠋ᠨ ᠲᠤᠬᠠᠢ ᠵᠠᠷᠢᠮ ᠨᠢᠭᠡ ᠪᠤᠷᠤᠭᠤ ᠲᠡᠮᠳᠡᠭᠯᠡᠯ ᠢ᠋ ᠪᠤᠰᠤᠳ ᠲᠡᠦᠬᠡᠨ ᠰᠤᠷᠪᠤᠯᠵᠢ ᠪᠢᠴᠢᠭ ᠦ᠋ᠳ ᠲᠠᠢ ᠬᠠᠷᠢᠴᠠᠭᠤᠯᠤᠨ ᠰᠤᠳᠤᠯᠵᠤ ᠵᠠᠯᠠᠷᠠᠭᠤᠯᠤᠭᠰᠠᠨ ᠪᠠᠢᠨ᠎ᠠ᠃