ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠠᠷᠠᠴᠢᠨ ᠮᠣᠩᠭᠤᠯᠴᠤᠳ ᠤᠨ ᠵᠠᠩ ᠦᠢᠯᠡ ᠳ᠋ᠦ᠍ ᠬᠢ ᠠᠯᠲᠠᠨ ᠮᠡᠯᠡᠬᠡᠢ ᠵᠢᠨ ᠤᠴᠢᠷ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠳᠤᠯᠠᠭᠠᠨ ᠴᠢᠮᠡᠳ ᠡᠷᠳᠡᠨᠢᠪᠠᠶᠠᠷ
ᠵᠠᠩᠭᠢᠯᠠᠭ᠎ᠠ ᠦᠭᠡ᠄ ᠬᠠᠷᠠᠴᠢᠨ ᠮᠣᠩᠭᠤᠯᠴᠤᠳ︔ ᠠᠯᠲᠠᠨ ᠮᠡᠯᠡᠬᠡ︔ ᠵᠠᠩ ᠦᠢᠯᠡ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠥᠪᠦᠷ ᠮᠣᠩᠭᠤᠯ ᠤᠨ ᠶᠡᠬᠡ ᠰᠤᠷᠭᠠᠭᠤᠯᠢ ᠵᠢᠨ 2013ᠣᠨ ᠤ᠋ ᠣᠶᠤᠲᠠᠨ ᠤ᠋ ᠰᠢᠨ᠎ᠡ ᠶ᠋ᠢ ᠡᠭᠦᠳᠬᠦ ᠲᠥᠰᠦᠯ︱ ᠤᠯᠤᠰ  ᠤᠨ ᠳᠡᠰ ᠦ᠋ᠨ ᠲᠥᠰᠦᠯ︵201310126011︶︽ᠬᠠᠷᠠᠴᠢᠨ ᠮᠣᠩᠭᠤᠯᠴᠤᠳ ᠤᠨ ᠦᠯᠢᠭᠡᠷ ᠳᠣᠮᠤᠭ ᠵᠢᠴᠢ ᠰᠢᠲᠦᠯᠭᠡ ᠪᠢᠰᠢᠷᠡᠯ ᠦ᠋ᠨ ᠵᠠᠩ ᠵᠠᠩᠰᠢᠯ ᠤᠨ ᠴᠤᠭᠯᠠᠭᠤᠯᠭ᠎ᠠ ᠪᠠ ᠰᠤᠳᠤᠯᠭᠠᠨ︱ ᠤᠯᠠᠭᠠᠨᠬᠠᠳᠠ ᠵᠢᠨ ᠨᠢᠩᠴᠧᠩ ᠰᠢᠶᠠᠨ ᠢ᠋ᠶ᠋ᠡᠷ ᠵᠢᠱ᠌ᠢᠶᠡᠯᠡᠬᠦ ᠨᠢ︾ ᠵᠢᠨ ᠰᠤᠳᠤᠯᠭᠠᠨ ᠤ᠋ ᠦᠷ᠎ᠡ ᠪᠦᠲᠦᠭᠡᠯ ᠪᠣᠯᠤᠨ᠎ᠠ᠃
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍᠂ ᠨᠢᠩᠴᠧᠩ ᠰᠢᠶᠠᠨ ᠤ᠋ ᠬᠠᠷᠠᠴᠢᠨ ᠮᠣᠩᠭᠤᠯᠴᠤᠳ ᠢ᠋ᠶ᠋ᠠᠷ ᠵᠢᠱ᠌ᠢᠶᠡᠯᠡᠨ᠂ ᠬᠠᠷᠠᠴᠢᠨ ᠮᠣᠩᠭᠤᠯᠴᠤᠳ ᠤᠨ ᠤᠷᠤᠭ ᠬᠤᠷᠢᠮ ᠤᠨ ᠶᠣᠰᠤ ᠪᠠ ᠣᠷᠤᠰᠢᠭᠤᠯᠭ᠎ᠠ ᠵᠢᠨ ᠶᠣᠰᠤᠨ ᠳ᠋ᠤ᠌ ᠬᠢ ᠠᠯᠲᠠᠨ ᠮᠡᠯᠡᠬᠡᠢ ᠵᠢᠨ ᠲᠤᠬᠠᠢ ᠥᠭᠦᠯᠡᠵᠡᠢ᠃ ᠡᠨᠡ ᠬᠦ ᠠᠯᠲᠠᠨ ᠮᠡᠯᠡᠬᠡᠢ ᠭᠡᠳᠡᠭ ᠵᠢ ᠴᠠᠭᠠᠰᠤ ᠪᠤᠶᠤ ᠪᠦᠰ ᠳᠡᠭᠡᠷ᠎ᠡ ᠵᠢᠷᠤᠭᠰᠠᠨ ᠶᠠᠰᠤᠲᠤ ᠮᠡᠯᠡᠬᠡᠢ ᠵᠢᠨ ᠬᠥᠷᠦᠭ ᠪᠣᠯᠤᠨ᠎ᠠ᠃ ᠬᠠᠷᠠᠴᠢᠨ ᠤ᠋ ᠠᠯᠲᠠᠨ ᠮᠡᠯᠡᠬᠡᠢ ᠵᠢᠨ ᠶᠣᠰᠤᠨ ᠪᠣᠯ ᠡᠨᠡᠳᠬᠡᠭ ᠲᠥᠪᠡᠳ ᠡᠴᠡ ᠢᠷᠡᠯᠲᠡᠢ ᠶᠠᠰᠤᠲᠤ ᠮᠡᠯᠡᠬᠡᠢ ᠵᠢᠨ ᠨᠢᠷᠤᠭᠤᠨ ᠳᠡᠭᠡᠷ᠎ᠡ ᠶᠢᠷᠲᠢᠨᠴᠦ ᠲᠣᠭᠲᠠᠭᠰᠠᠨ ᠳᠣᠮᠤᠭ  ᠠ᠋ᠴᠠ ᠡᠭᠦᠰᠦᠯ ᠲᠠᠢ ᠶᠤᠮ᠃ ᠠᠯᠲᠠᠨ ᠮᠡᠯᠡᠬᠡᠢ ᠶ᠋ᠢ ᠤᠷᠤᠭ ᠬᠤᠷᠢᠮ ᠤᠨ ᠶᠣᠰᠤ ᠪᠠ ᠣᠷᠤᠰᠢᠭᠤᠯᠭ᠎ᠠ ᠵᠢᠨ ᠶᠣᠰᠤᠨ ᠳ᠋ᠤ᠌ ᠠᠪᠴᠤ ᠶᠠᠪᠤᠬᠤ ᠨᠢ ᠨᠢᠭᠡ ᠲᠠᠯ᠎ᠠ ᠪᠠᠷ ᠭᠠᠢ ᠪᠠᠷᠴᠢᠳ ᠠᠷᠢᠯᠭᠠᠵᠤ ᠳᠠᠷᠤᠯᠭ᠎ᠠ ᠬᠢᠬᠦ ᠵᠢᠨ ᠲᠥᠯᠦᠭᠡ᠂ ᠨᠥᠭᠥᠭᠡ ᠲᠠᠯ᠎ᠠ ᠪᠠᠷ ᠠᠯᠲᠠᠨ ᠮᠡᠯᠡᠬᠡᠢ ᠪᠣᠯ ᠬᠥᠮᠦᠨ ᠦ᠌ ᠠᠮᠢ ᠨᠠᠰᠤᠨ ᠤ᠋ ᠤᠷᠲᠤ ᠤᠳᠠᠭᠠᠨ᠂ ᠥᠨᠢ ᠮᠥᠩᠬᠡ ᠵᠢᠨ ᠪᠡᠯᠭᠡᠳᠡᠯ᠂ ᠮᠥᠨ ᠴᠦ ᠳᠠᠬᠢᠨ ᠳᠦᠷᠦᠬᠦ ᠵᠢᠨ ᠵᠥᠩᠨᠡᠯ ᠮᠥᠨ ᠭᠡᠬᠦ ᠦᠵᠡᠯᠲᠡ ᠶ᠋ᠢ ᠳᠤᠷᠠᠳᠪᠠ᠃