ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠣᠷᠴᠢᠨ ᠪᠥᠭᠡ ᠵᠢᠨ ᠱᠠᠰᠢᠨ ᠳ᠋ᠤ᠌ ᠨᠠᠢᠵᠢ ᠲᠣᠢᠨ ᠤ᠋ ᠦᠵᠡᠭᠦᠯᠦᠭᠰᠡᠨ ᠦᠢᠯᠡᠳᠦᠯ ᠦ᠋ᠨ ᠲᠤᠬᠠᠢ ᠶᠠᠷᠢᠯᠴᠠᠬᠤ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠮᠧᠩ ᠵᠢᠨᠪᠣᠣ ᠬᠠᠰᠲᠤᠶᠠᠭ᠎ᠠ
ᠵᠠᠩᠭᠢᠯᠠᠭ᠎ᠠ ᠦᠭᠡ᠄ ᠬᠣᠷᠴᠢᠨ ᠪᠥᠭᠡ ᠵᠢᠨ ᠱᠠᠰᠢᠨ︔ᠰᠢᠨᠡᠳᠭᠡᠯ ᠤᠯᠠᠮᠵᠢᠯᠠᠯ︔ ᠨᠠᠢᠵᠢ ᠲᠣᠢᠨ︔ ᠦᠢᠯᠡᠳᠦᠯ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠤᠯᠤᠰ  ᠤᠨ ᠨᠡᠢᠭᠡᠮ ᠪᠠᠨ ᠤ᠋ᠨ ᠰᠢᠨᠵᠢᠯᠡᠬᠦ ᠤᠬᠠᠭᠠᠨ ᠤ᠋ ᠰᠠᠭᠤᠷᠢ ᠮᠥᠩᠭᠦᠨ  ᠦ᠌ ᠲᠥᠰᠦᠯ︽ ᠬᠣᠷᠴᠢᠨ ᠪᠥᠭᠡ ᠪᠣᠢ ᠪᠣᠯᠬᠤ ᠶᠠᠪᠤᠴᠠ ᠵᠢᠨ ᠰᠤᠳᠤᠯᠤᠯ︾︵ ᠵᠥᠪᠰᠢᠶᠡᠷᠡᠭᠰᠡᠨ ᠨᠣᠮᠧᠷ᠄ 14XMZ030︶ ᠤᠨ ᠨᠢᠭᠡᠨ ᠬᠡᠰᠡᠭ ᠪᠣᠯᠤᠨ᠎ᠠ
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠨᠠᠢᠵᠢ ᠲᠣᠢᠨ ᠤ᠋︽ ᠨᠠᠮᠲᠠᠷ︾ ᠲᠡᠮᠳᠡᠭᠯᠡᠯ ᠳ᠋ᠦ᠍ ᠲᠦᠰᠢᠵᠦ᠂ ᠬᠣᠷᠴᠢᠨ ᠪᠥᠭᠡ ᠵᠢᠨ ᠱᠠᠰᠢᠨ ᠤ᠋ ᠰᠢᠨᠡᠳᠭᠡᠯ ᠤᠯᠠᠮᠵᠢᠯᠠᠯ ᠳ᠋ᠤ᠌ ᠦᠵᠡᠭᠦᠯᠦᠭᠰᠡᠨ ᠦᠢᠯᠡᠳᠦᠯ ᠢ᠋ ᠨᠢ ᠶᠠᠷᠢᠯᠴᠠᠭ᠎ᠠ ᠪᠣᠯᠭᠠᠨ ᠰᠢᠨᠵᠢᠯᠡᠨ ᠥᠭᠦᠯᠡᠪᠡ᠃ ᠬᠣᠷᠴᠢᠨ ᠪᠥᠭᠡ ᠵᠢᠨ ᠱᠠᠰᠢᠨ ᠤ᠋︽ ᠴᠠᠭᠠᠨ︾ ᠤ᠋ ᠲᠠᠯ᠎ᠠ ᠨᠢ ᠪᠤᠳ᠋ᠳ᠋ᠾᠠ ᠵᠢᠨ ᠨᠢᠭᠤᠴᠠ ᠲᠠᠷᠨᠢ ᠵᠢᠨ ᠱᠠᠰᠢᠨ ᠤ᠋ ︽ᠴᠠᠭᠠᠨ︾ ᠤ᠋ ᠴᠢᠭᠯᠡᠯ ᠳ᠋ᠦ᠍ ᠤᠶᠠᠯᠳᠤᠭᠳᠠᠨ ᠭᠠᠵᠠᠷ ᠠᠪᠴᠤ︽ ᠰᠢᠨᠡᠳᠭᠡᠯ︾ ᠬᠦᠯᠢᠶᠡᠭᠰᠡᠨ ᠲᠡᠳᠦᠢ ᠦᠭᠡᠢ ᠡᠭᠦᠨ ᠲᠠᠢ ᠰᠠᠯᠤᠰᠢ ᠦᠭᠡᠢ ᠬᠡᠯᠬᠢᠶ᠎ᠡ ᠬᠣᠯᠪᠤᠭᠳᠠᠯ ᠣᠷᠤᠰᠢᠬᠤ︽ ᠬᠠᠷ᠎ᠠ︾ ᠵᠢᠨ ᠲᠠᠯ᠎ᠠ ᠨᠢ︽ ᠤᠯᠠᠮᠵᠢᠯᠠᠯ︾ ᠢ᠋ᠶ᠋ᠠᠨ ᠬᠠᠮᠠᠭᠠᠯᠠᠨ ᠪᠠᠲᠤᠯᠠᠵᠤ ᠴᠢᠳᠠᠭᠰᠠᠨ ᠳ᠋ᠦᠩ ᠳ᠋ᠦ᠍ ᠬᠦᠷᠦᠭᠰᠡᠨ ᠢ᠋ᠶ᠋ᠡᠷ ᠢᠯᠡᠷᠬᠡᠢᠯᠡᠭᠳᠡᠵᠦ ᠪᠠᠢᠳᠠᠭ᠃