︽ᠬᠠᠨᠳᠠᠭᠠᠢ ᠬᠡᠲᠦᠰ ᠬᠤᠯᠤᠭᠠᠨ᠎ᠠ ᠴᠥᠯᠡᠰ ᠠᠯᠳᠠᠬᠤ︾ ᠭᠡᠳᠡᠭ ᠬᠡᠯᠡᠴᠡ ᠵᠢᠨ ᠲᠤᠬᠠᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201705
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠵ᠊ ᠬᠦᠷᠡᠯᠪᠠᠭᠠᠲᠤᠷ
ᠵᠠᠩᠭᠢᠯᠠᠭ᠎ᠠ ᠦᠭᠡ᠄ ︽ᠮᠣᠩᠭᠤᠯ ᠤ᠋ᠨ ᠨᠢᠭᠤᠴᠠ ᠲᠣᠪᠴᠢᠶᠠᠨ︾︔ ᠬᠠᠨᠳᠠᠭᠠᠢ ᠬᠡᠲᠦᠰ ᠬᠤᠯᠤᠭᠠᠨ᠎ᠠ ᠴᠦᠯᠡᠰ ᠠᠯᠳᠠᠬᠤ︔ᠬᠡᠯᠡᠴᠡ︔ ᠪᠦᠲᠦᠴᠡ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ︽ᠮᠣᠩᠭᠤᠯ ᠤ᠋ᠨ ᠨᠢᠭᠤᠴᠠ ᠲᠣᠪᠴᠢᠶᠠᠨ︾ ᠳ᠋ᠤ᠌ ᠬᠢ︽ᠬᠠᠨᠳᠠᠭᠠᠢ ᠬᠡᠲᠦᠰ ᠬᠤᠯᠤᠭᠠᠨ᠎ᠠ ᠴᠥᠯᠡᠰ ᠠᠯᠳᠠᠬᠤ︾ ᠭᠡᠳᠡᠭ ᠬᠡᠯᠡᠴᠡ ᠶ᠋ᠢ ᠪᠦᠲᠦᠴᠡ︵ ᠬᠡᠯᠪᠡᠷᠢ︶ ᠡᠴᠡ ᠨᠢ ᠭᠠᠷᠳᠠᠨ ᠲᠠᠢᠯᠪᠤᠷᠢᠯᠠᠬᠤ ᠪᠠᠷ ᠳᠠᠮᠵᠢᠭᠤᠯᠵᠤ᠂ ᠬᠡᠯᠡᠴᠡ ᠳ᠋ᠦ᠍ ᠪᠣᠢ︽ᠬᠠᠨᠳᠠᠭᠠᠢ ᠬᠡᠲᠦᠰ ︾ ᠬᠢᠭᠡᠳ ︽ᠬᠤᠯᠤᠭᠠᠨ᠎ᠠ ᠴᠥᠯᠡᠰ︾ ᠬᠣᠶᠠᠷ ᠤᠨ ᠡᠩ ᠵᠡᠷᠭᠡᠴᠡᠭᠦᠯᠦᠯ ᠨᠢ ᠤᠳᠭ᠎ᠠ ᠯᠠᠪᠰᠢᠷᠠᠭᠤᠯᠬᠤ ᠦᠢᠯᠡᠳᠦᠯ ᠲᠠᠢ ᠪᠣᠯᠬᠤ ᠪᠠ ᠬᠡᠯᠡᠴᠡ ᠨᠢ︽ ᠬᠠᠨᠳᠠᠭᠠᠢ ᠬᠡᠲᠦᠰ ᠠᠯᠳᠠᠵᠤ ᠬᠤᠯᠤᠭᠠᠨ᠎ᠠ ᠴᠥᠯᠡᠰ ᠠᠯᠳᠠᠬᠤ︾ ᠪᠦᠲᠦᠴᠡ ᠵᠢᠨ ᠲᠣᠪᠴᠢᠯᠠᠭᠳᠠᠭᠰᠠᠨ ᠬᠡᠯᠪᠡᠷᠢ ᠪᠣᠯᠬᠤ ᠵᠢᠴᠢ ᠰᠤᠳᠤᠯᠤᠭᠳᠠᠵᠤ ᠪᠣᠢ ᠬᠡᠯᠡᠴᠡ ᠵᠢᠨ ᠪᠦᠲᠦᠨ ᠬᠡᠯᠪᠡᠷᠢ ᠨᠢ︽ ᠬᠠᠨᠳᠠᠭᠠᠢ ᠬᠡᠲᠦᠰ ᠬᠤᠯᠤᠭᠠᠨ᠎ᠠ ᠴᠦᠯᠡᠰ︾ ᠪᠢᠰᠢ᠂ ᠬᠠᠷᠢᠨ︽ᠬᠠᠨᠳᠠᠭᠠᠢ ᠬᠡᠲᠦᠰ ᠬᠤᠯᠤᠭᠠᠨ᠎ᠠ ᠴᠦᠯᠡᠰ ᠠᠯᠳᠠᠬᠤ︾ ᠪᠣᠯᠬᠤ᠂ ᠬᠡᠯᠡᠴᠡ ᠳ᠋ᠦ᠍ ᠨᠢ ᠵᠢᠭᠠᠬᠤ ᠵᠢᠨ ᠲᠡᠢᠨ ᠢᠯᠭᠠᠯ ᠤᠨ ᠠᠢ ᠵᠢᠨ ᠨᠥᠬᠦᠴᠡᠯ ᠲᠣᠪᠴᠢᠯᠠᠭᠳᠠᠭᠰᠠᠨ ᠵᠡᠷᠭᠡ ᠰᠠᠨᠠᠯ ᠢ᠋ ᠳᠡᠪᠰᠢᠭᠦᠯᠵᠡᠢ᠃